ᠨᠢᠭᠡᠳᠦᠭᠡᠷ ᠫᠧᠲ᠋ᠧᠷ ᠭᠤᠷᠪᠠ
ᠢᠳᠬᠠᠯᠭ᠎ᠠ᠄ ᠡᠬᠡᠨᠡᠷ ᠨᠥᠬᠥᠷ ᠬᠣᠶᠠᠷ ᠲᠤ
1 ᠲᠡᠭᠦᠨᠴᠢᠯᠡᠨ ᠡᠬᠡᠨᠡᠷ ᠤᠳ ᠡ᠂ ᠨᠥᠬᠥᠷ ᠲᠡᠭᠡᠨ ᠳᠤᠭᠤᠯᠭᠠᠪᠤᠷᠢᠲᠠᠢ ᠪᠠᠢᠭᠠᠷᠠᠢ᠃ ᠲᠡᠭᠡᠪᠡᠯ ᠦᠭᠡ ᠶᠢ ᠳᠠᠭᠠᠳᠠᠭ ᠦᠭᠡᠢ ᠨᠥᠬᠥᠷ ᠨᠢ ᠴᠤ ᠦᠭᠡ ᠶᠠᠷᠢᠶ᠎ᠠ ᠪᠠᠷ ᠪᠢᠰᠢ᠂ ᠦᠢᠯᠡ ᠶᠠᠪᠤᠳᠠᠯ ᠢᠶᠠᠷ ᠴᠢᠨᠢ ᠾᠷᠢᠰᠲ᠋ᠣᠰ ᠲᠤ ᠢᠲᠡᠭᠡᠬᠦ ᠪᠣᠯᠣᠨ᠎ᠠ᠃ 2 ᠲᠡᠳᠡ ᠲᠠ ᠨᠠᠷ ᠤᠨ ᠬᠦᠨᠳᠦᠳᠬᠡᠭᠦᠰᠢᠲᠡᠢ ᠠᠷᠢᠭᠤᠬᠠᠨ ᠶᠠᠪᠤᠳᠠᠯ ᠢ ᠠᠵᠢᠭᠯᠠᠵᠤ ᠪᠠᠢᠳᠠᠭ᠃ 3 ᠲᠠ ᠨᠠᠷ ᠬᠦᠷᠦᠭᠰᠡᠨ ᠭᠡᠵᠢᠭᠡ᠂ ᠠᠯᠲᠠᠨ ᠵᠢᠮᠰᠡᠭ᠂ ᠭᠠᠩ᠋ᠭᠠᠩ ᠬᠤᠪᠴᠠᠰᠤ ᠪᠠᠷ ᠭᠠᠳᠠᠨ᠎ᠠ ᠲᠠᠯ᠎ᠠ ᠪᠠᠨ ᠴᠢᠮᠡᠬᠦ ᠪᠢᠰᠢ᠂ 4 ᠬᠠᠷᠢᠨ ᠠᠷᠢᠯᠤᠰᠢ ᠦᠭᠡᠢ ᠤᠶᠠᠬᠠᠨ᠂ ᠲᠣᠭᠲᠠᠭᠤᠨ ᠰᠡᠳᠬᠢᠯ ᠢᠶᠠᠷ ᠳᠣᠲᠣᠭᠣᠳᠤ ᠬᠥᠮᠦᠨ ᠢᠶᠡᠨ ᠴᠢᠮᠡᠭᠲᠦᠨ᠃ ᠪᠤᠷᠬᠠᠨ ᠤ ᠡᠮᠦᠨ᠎ᠡ ᠨᠡᠩ ᠡᠷᠬᠢᠮ ᠨᠢ ᠡᠨᠡ ᠪᠢᠯᠡ᠃ 5 ᠤᠷᠢᠳᠤ ᠴᠠᠭ ᠲᠤ ᠪᠤᠷᠬᠠᠨ ᠳᠤ ᠨᠠᠢᠳᠠᠳᠠᠭ ᠨᠥᠭᠥᠭᠡ ᠠᠷᠢᠭᠤᠨ ᠡᠮᠡᠭᠲᠡᠢᠴᠦᠳ ᠴᠤ ᠨᠥᠬᠥᠷ ᠲᠡᠭᠡᠨ ᠳᠤᠭᠤᠯᠭᠠᠪᠤᠷᠢᠲᠠᠢ ᠪᠠᠢᠵᠤ᠂ ᠥᠪᠡᠷ ᠢ ᠪᠠᠨ ᠲᠡᠢᠨ ᠬᠦ ᠴᠢᠮᠡᠭᠯᠡᠳᠡᠭ ᠪᠠᠢᠭᠰᠠᠨ᠃ 6 ᠵᠢᠱᠢᠶᠡᠯᠡᠪᠡᠯ᠂ ᠰᠠᠷᠠᠾ ᠠᠪᠷᠠᠬᠠᠮ ᠢ ᠡᠵᠡᠨ ᠭᠡᠵᠦ ᠳᠠᠭᠤᠳᠠᠨ ᠳᠤᠭᠤᠯᠭᠠᠪᠤᠷᠢᠲᠠᠢ ᠪᠠᠢᠭᠰᠠᠨ᠃ ᠲᠠ ᠨᠠᠷ ᠰᠠᠷᠠᠾ ᠤᠨ ᠬᠡᠦᠬᠡᠳ ᠤᠳ ᠪᠣᠯᠣᠭᠰᠠᠨ ᠲᠤᠯᠠ ᠵᠥᠪ ᠢ ᠦᠢᠯᠡᠳ᠃ ᠶᠠᠮᠠᠷ ᠴᠤ ᠬᠡᠯᠮᠡᠭᠳᠡᠭᠦᠯᠦᠯ ᠡᠴᠡ ᠪᠦᠦ ᠠᠶᠤ᠃
7 ᠲᠡᠭᠦᠨᠴᠢᠯᠡᠨ ᠨᠥᠬᠥᠷ ᠤᠳ ᠡ᠂ ᠡᠬᠡᠨᠡᠷ ᠲᠡᠢ ᠪᠡᠨ ᠤᠬᠠᠭᠠᠯᠢᠭ ᠰᠠᠭᠤᠭᠠᠷᠠᠢ᠃ ᠲᠡᠷᠡ ᠡᠮᠡᠭᠲᠡᠢ ᠪᠣᠯᠬᠣᠷ ᠨᠡᠩ ᠪᠠᠭᠤᠷᠠᠢ ᠪᠡᠶ᠎ᠡ 4 ᠲᠠᠢ ᠪᠥᠭᠡᠳ ᠠᠮᠢ ᠶᠢᠨ ᠢᠪᠡᠭᠡᠯ ᠢ ᠬᠠᠮᠲᠤ ᠥᠪᠯᠡᠭᠴᠢ ᠭᠡᠳᠡᠭ ᠢ ᠨᠢ ᠣᠢᠯᠠᠭᠠᠵᠤ ᠲᠡᠭᠦᠨ ᠢ ᠪᠠᠨ ᠬᠦᠨᠳᠦᠯᠡ᠃ ᠡᠢᠨ ᠬᠦ ᠲᠠ ᠨᠠᠷ ᠤᠨ ᠳᠠᠭᠠᠳᠬᠠᠯ ᠰᠠᠭᠠᠳ ᠦᠭᠡᠢ ᠪᠣᠯᠣᠨ᠎ᠠ᠃
ᠢᠳᠬᠠᠯᠭ᠎ᠠ᠄ ᠪᠦᠬᠦ ᠴᠢᠭᠤᠯᠭᠠᠨ ᠳᠤ
8 ᠬᠤᠷᠢᠶᠠᠩ᠋ᠭᠤᠢᠯᠠᠵᠤ ᠬᠡᠯᠡᠪᠡᠯ᠂ ᠲᠠ ᠪᠦᠭᠦᠳᠡ ᠰᠠᠨᠠᠭ᠎ᠠ ᠨᠢᠭᠡᠲᠡᠢ᠂ ᠨᠢᠭᠦᠯᠡᠰᠦᠩᠭᠦᠢ᠂ ᠠᠬ᠎ᠠ ᠳᠡᠭᠦᠦᠰᠡᠭ᠂ ᠥᠷᠥᠪᠴᠢ᠂ ᠳᠠᠷᠤᠤᠬᠠᠨ ᠪᠠᠢᠵᠤ᠂ 9 ᠮᠠᠭᠤ ᠶᠢ ᠮᠠᠭᠤ ᠪᠠᠷ᠂ ᠬᠠᠷᠢᠶᠠᠯ ᠢ ᠬᠠᠷᠢᠶᠠᠯ ᠢᠶᠠᠷ ᠪᠢᠰᠢ᠂ ᠬᠠᠷᠢᠨ ᠢᠷᠥᠭᠡᠯ ᠢᠶᠡᠷ ᠬᠠᠷᠢᠭᠤᠯᠤᠭᠲᠤᠨ᠃ ᠶᠠᠭ ᠡᠭᠦᠨ ᠦ ᠲᠥᠯᠥᠭᠡ᠂ ᠲᠤᠬᠠᠢᠯᠠᠪᠠᠯ ᠢᠷᠥᠭᠡᠯ ᠢ ᠥᠪᠯᠡᠬᠦ ᠶᠢᠨ ᠲᠥᠯᠥᠭᠡ ᠲᠠ ᠨᠠᠷ ᠳᠠᠭᠤᠳᠠᠭᠳᠠᠭᠰᠠᠨ ᠶᠤᠮ᠃ 10 ᠲᠡᠢᠮᠦ ᠡᠴᠡ 《ᠠᠮᠢ ᠶᠢ ᠬᠠᠢᠷᠠᠯᠠᠨ ᠰᠠᠢᠨ ᠡᠳᠦᠷ ᠤᠳ ᠢ ᠦᠵᠡᠬᠦ ᠶᠢ ᠬᠦᠰᠡᠭᠴᠢ ᠨᠢ ᠬᠡᠯᠡ ᠪᠡᠨ ᠮᠠᠭᠤ ᠠᠴᠠ ᠣᠷᠣᠭᠤᠯ ᠢᠶᠠᠨ ᠵᠠᠯᠢ ᠡᠴᠡ ᠬᠠᠮᠠᠭᠠᠯᠠᠭ᠂
11 ᠮᠠᠭᠤ ᠠᠴᠠ ᠡᠷᠭᠢᠵᠦ ᠰᠠᠢᠨ ᠢ ᠦᠢᠯᠡᠳᠦᠨ ᠠᠮᠤᠭᠤᠯᠠᠩ ᠢ ᠡᠷᠢᠵᠦ ᠲᠡᠭᠦᠨ ᠢ ᠬᠥᠭᠡᠭᠡᠴᠡᠯᠳᠦᠭ᠃
12 ᠤᠴᠢᠷ ᠨᠢ ᠡᠵᠡᠨ ᠦ ᠮᠡᠯᠮᠡᠢ ᠨᠢ ᠵᠥᠪᠲᠡᠳ ᠦᠨ ᠳᠡᠭᠡᠷ᠎ᠡ ᠪᠠᠢᠵᠤ᠂ ᠰᠣᠨᠣᠷ ᠨᠢ ᠲᠡᠳᠡᠨ ᠦ ᠭᠤᠶᠤᠯᠲᠠ ᠤᠷᠤᠭᠤ ᠬᠠᠨᠳᠤᠳᠠᠭ ᠪᠣᠯ ᠡᠵᠡᠨ ᠦ ᠴᠢᠷᠠᠢ ᠨᠢ ᠮᠠᠭᠤ ᠶᠢ ᠦᠢᠯᠡᠳᠦᠭᠴᠢᠳ ᠤᠨ ᠡᠰᠡᠷᠭᠦ ᠪᠠᠢᠳᠠᠭ᠃》
13 ᠬᠡᠷᠪᠡ ᠲᠠ ᠨᠠᠷ ᠰᠠᠢᠨ ᠦᠢᠯᠡ ᠶᠢᠨ ᠵᠢᠳᠬᠦᠯᠲᠡᠨ ᠪᠣᠯᠣᠭᠰᠠᠨ ᠪᠣᠯ᠂ ᠬᠡᠨ ᠲᠠ ᠨᠠᠷ ᠢ ᠬᠣᠣᠷᠯᠠᠬᠤ ᠪᠤᠢ︖ 14 ᠵᠥᠪ ᠦᠨ ᠲᠥᠯᠥᠭᠡ ᠵᠣᠪᠠᠯᠠᠩ ᠠᠮᠰᠠᠭᠰᠠᠨ ᠴᠤ ᠪᠤᠶᠠᠨ ᠲᠠᠢ᠃ ᠲᠡᠳᠡᠨ ᠦ ᠵᠠᠨᠤᠯ ᠠᠴᠠ ᠪᠦᠦ ᠠᠶᠤ 5 ᠂ ᠪᠦᠦ ᠰᠠᠨᠳᠤᠷ᠃ 15 ᠬᠠᠷᠢᠨ ᠰᠡᠳᠬᠢᠯ ᠳᠡᠭᠡᠨ ᠾᠷᠢᠰᠲ᠋ᠣᠰ ᠢ ᠡᠵᠡᠨ ᠢᠶᠡᠨ ᠪᠣᠯᠭᠠᠨ ᠠᠷᠢᠭᠤᠨ ᠢᠶᠠᠷ ᠬᠠᠨᠳᠤᠵᠤ᠂ ᠲᠠ ᠨᠠᠷ ᠤᠨ ᠳᠣᠲᠣᠷᠠᠬᠢ ᠡᠷᠡᠮᠡᠯᠵᠡᠯ ᠦᠨ ᠲᠤᠬᠠᠢ ᠤᠴᠢᠷ ᠢ ᠠᠰᠠᠭᠤᠬᠤ ᠬᠥᠮᠦᠨ ᠪᠣᠯᠭᠠᠨ ᠳᠤ ᠲᠠᠢᠯᠪᠤᠷᠢᠯᠠᠬᠤ ᠪᠠᠷ ᠦᠷᠭᠦᠯᠵᠢ ᠪᠡᠯᠡᠬᠡᠨ ᠪᠠᠢᠵᠠᠭ᠎ᠠ᠃ 16 ᠬᠠᠷᠢᠨ ᠤᠶᠠᠬᠠᠨ᠂ ᠡᠮᠢᠶᠡᠯ ᠲᠡᠢ᠂ ᠮᠥᠨ ᠮᠥᠰᠥ ᠰᠠᠢᠲᠠᠢ ᠪᠠᠷ ᠲᠠᠢᠯᠪᠤᠷᠢᠯᠠ᠃ ᠲᠡᠭᠡᠪᠡᠯ ᠾᠷᠢᠰᠲ᠋ᠣᠰ ᠤᠨ ᠳᠣᠲᠣᠷᠠᠬᠢ ᠰᠠᠢᠨ ᠶᠠᠪᠤᠳᠠᠯ ᠢ ᠴᠢᠨᠢ ᠭᠦᠳᠬᠡᠭᠴᠢᠳ ᠲᠠ ᠨᠠᠷ ᠢ ᠮᠠᠭᠤᠯᠠᠵᠤ ᠪᠠᠢᠬᠤ ᠳᠠᠭᠠᠨ ᠢᠴᠢᠬᠦ ᠪᠣᠯᠣᠨ᠎ᠠ᠃
ᠾᠷᠢᠰᠲ᠋ᠣᠰ ᠢ ᠳᠠᠭᠤᠷᠢᠶᠠ
17 ᠬᠡᠷᠪᠡ ᠪᠤᠷᠬᠠᠨ ᠤ ᠲᠠᠭᠠᠯᠠᠯ ᠮᠥᠨ ᠪᠣᠯ ᠵᠥᠪ ᠢ ᠦᠢᠯᠡᠳᠴᠦ ᠵᠣᠪᠠᠯᠠᠩ ᠠᠮᠰᠠᠬᠤ ᠨᠢ ᠪᠤᠷᠤᠭᠤ ᠶᠢ ᠦᠢᠯᠡᠳᠴᠦ ᠵᠣᠪᠠᠯᠠᠩ ᠠᠮᠰᠠᠭᠰᠠᠨ ᠠᠴᠠ ᠳᠡᠭᠡᠷ᠎ᠡ᠃ 18 ᠾᠷᠢᠰᠲ᠋ᠣᠰ ᠪᠢᠳᠡᠨ ᠦ ᠭᠡᠮ ᠨᠢᠭᠦᠯ ᠦᠨ ᠡᠮᠦᠨ᠎ᠡ ᠡᠴᠡ ᠨᠢᠭᠡᠮᠦᠰᠦᠨ ᠵᠣᠪᠠᠵᠠᠢ᠃ ᠲᠠ ᠨᠠᠷ ᠢ ᠪᠤᠷᠬᠠᠨ ᠳᠤ ᠠᠪᠴᠢᠷᠠᠬᠤ ᠶᠢᠨ ᠲᠤᠯᠠᠳᠠ ᠵᠥᠪᠲᠦ ᠨᠢᠭᠡᠨ ᠨᠢ ᠵᠥᠪᠲᠦ ᠪᠤᠰᠤ ᠨᠤᠭᠤᠳ ᠤᠨ ᠣᠷᠣᠨ ᠳᠤ ᠵᠣᠪᠠᠯᠠᠩ ᠠᠮᠰᠠᠭᠰᠠᠨ ᠬᠡᠷᠡᠭ᠃ ᠮᠢᠬᠠᠨ ᠪᠡᠶ᠎ᠡ ᠶᠢᠨ ᠶᠣᠰᠣᠭᠠᠷ ᠠᠯᠠᠭᠳᠠᠭᠰᠠᠨ ᠴᠤ ᠰᠦᠨᠡᠰᠦᠨ ᠦ ᠶᠣᠰᠣᠭᠠᠷ ᠠᠮᠢᠯᠠᠭᠤᠯᠤᠭᠳᠠᠵᠤ᠂ 19 ᠡᠭᠦᠨ ᠢᠶᠡᠷ ᠢᠶᠠᠨ ᠭᠢᠨᠳᠠᠨ ᠳᠤ ᠪᠠᠢᠭ᠎ᠠ ᠰᠦᠨᠡᠰᠦ ᠨᠦᠭᠦᠳ ᠲᠦ ᠬᠦᠷᠴᠦ ᠲᠤᠩ᠋ᠬᠠᠭᠯᠠᠪᠠ᠃ 20 ᠡᠨᠡ ᠰᠦᠨᠡᠰᠦ ᠨᠦᠭᠦᠳ ᠪᠣᠯ ᠪᠠᠯᠠᠷ ᠡᠷᠲᠡᠨ ᠦ ᠦᠶ᠎ᠡ᠂ ᠲᠤᠬᠠᠢᠯᠠᠪᠠᠯ ᠨᠣᠶᠠ ᠶᠢᠨ ᠡᠳᠦᠷ ᠤᠳ ᠢᠶᠠᠷ ᠣᠩ᠋ᠭᠣᠴᠠ ᠬᠢᠭᠳᠡᠨ ᠪᠤᠷᠬᠠᠨ ᠤ ᠬᠦᠯᠢᠴᠡᠩᠭᠦᠢ ᠬᠦᠯᠢᠶᠡᠵᠦ ᠪᠠᠢᠬᠤ ᠦᠶ᠎ᠡ ᠶᠢᠨ ᠳᠤᠭᠤᠯᠭᠠᠪᠤᠷᠢ ᠦᠭᠡᠢ ᠪᠠᠢᠭᠰᠠᠳ ᠶᠤᠮ᠃ ᠨᠠᠢ᠌ᠮᠠᠬᠠᠨ ᠬᠥᠮᠦᠨ ᠲᠡᠷᠡ ᠣᠩ᠋ᠭᠣᠴᠠᠨ ᠳᠤ ᠣᠷᠣᠵᠤ ᠤᠰᠤ ᠪᠠᠷ ᠠᠪᠤᠷᠠᠭᠳᠠᠵᠠᠢ᠃ 21 ᠲᠡᠷᠡ ᠤᠰᠤ ᠣᠳᠣ ᠴᠤ ᠲᠠ ᠨᠠᠷ ᠢ ᠠᠪᠤᠷᠠᠵᠤ ᠪᠠᠢᠭ᠎ᠠ ᠤᠬᠢᠶᠠᠯ ᠢ ᠢᠯᠡᠷᠬᠡᠶᠢᠯᠡᠳᠡᠭ᠌ ᠶᠤᠮ᠃ ᠤᠬᠢᠶᠠᠯ ᠨᠢ ᠪᠡᠶ᠎ᠡ ᠶᠢᠨ ᠪᠤᠵᠠᠷ ᠢ ᠠᠷᠢᠯᠭᠠᠬᠤ ᠪᠤᠰᠤ᠂ ᠬᠠᠷᠢᠨ ᠪᠤᠷᠬᠠᠨ ᠢ ᠵᠣᠷᠢᠭᠰᠠᠨ ᠮᠥᠰᠥ ᠰᠠᠢᠲᠠᠢ ᠲᠡᠮᠡᠦᠯᠦᠯ ᠪᠥᠭᠡᠳ ᠢᠰᠦ᠋ᠰ ᠾᠷᠢᠰᠲ᠋ᠣᠰ ᠤᠨ ᠠᠮᠢᠯᠠᠯᠲᠠ ᠪᠠᠷ ᠲᠠ ᠨᠠᠷ ᠢ ᠠᠪᠤᠷᠠᠳᠠᠭ᠃ 22 ᠾᠷᠢᠰᠲ᠋ᠣᠰ ᠪᠤᠷᠬᠠᠨ ᠤ ᠪᠠᠷᠠᠭᠤᠨ ᠲᠠᠯ᠎ᠠ 6 ᠳᠤ ᠪᠠᠢᠳᠠᠭ᠃ ᠲᠡᠷᠡ ᠲᠩᠷᠢ ᠳᠤ ᠣᠳᠴᠤ᠂ ᠲᠩᠷᠢ ᠡᠯᠴᠢᠳ᠂ ᠮᠡᠳᠡᠯᠲᠡᠳ ᠪᠠ ᠬᠦᠴᠦᠲᠡᠳ ᠲᠡᠭᠦᠨ ᠦ ᠡᠷᠬᠡᠨ ᠳᠦ ᠣᠷᠣᠭᠰᠠᠨ ᠶᠤᠮ᠃