ᠳ᠋ᠠᠨᠢᠶᠧᠯ ᠨᠢᠭᠡ
ᠬᠠᠭᠠᠨ ᠤ ᠣᠷᠳᠣᠨ ᠳᠤ ᠳᠠᠰᠬᠠᠯᠵᠢᠪᠠ
1 ᠶᠦᠳᠠ ᠶᠢᠨ ᠬᠠᠭᠠᠨ ᠶᠧᠬᠣᠢᠶᠠᠺᠢᠮ ᠤᠨ ᠬᠠᠭᠠᠨᠴᠢᠯᠠᠯ ᠤᠨ ᠭᠤᠷᠪᠠᠳᠤᠭᠠᠷ ᠣᠨ ᠳᠤ᠂ ᠪᠠᠪᠢᠯᠣᠨ ᠤ ᠬᠠᠭᠠᠨ ᠨᠧᠪᠦ᠋ᠺᠠᠨᠧᠽᠠᠷ ᠶᠧᠷᠦ᠋ᠰᠠᠯᠧᠮ ᠥᠭᠡᠳᠡ ᠢᠷᠡᠵᠦ᠂ ᠬᠣᠲᠠ ᠶᠢ ᠪᠦᠰᠡᠯᠡᠭᠰᠡᠨ ᠪᠠᠢᠨ᠎ᠠ᠃ 2 ᠡᠵᠡᠨ ᠶᠦᠳᠠ ᠶᠢᠨ ᠬᠠᠭᠠᠨ ᠶᠧᠬᠣᠢᠶᠠᠺᠢᠮ ᠪᠣᠯᠣᠨ ᠪᠤᠷᠬᠠᠨ ᠤ ᠥᠷᠭᠥᠭᠡᠨ ᠦ ᠵᠠᠷᠢᠮ ᠬᠡᠷᠡᠭᠰᠡᠯ ᠢ ᠲᠡᠭᠦᠨ ᠦ ᠭᠠᠷ ᠲᠤ ᠲᠤᠰᠢᠶᠠᠪᠠ᠃ ᠲᠡᠷᠡ ᠲᠡᠳᠡᠭᠡᠷ ᠵᠦᠢᠯ ᠢ ᠱᠢᠨᠠᠷ ᠤᠨ ᠨᠤᠲᠤᠭ ᠳᠠᠬᠢ ᠥᠪᠡᠷ ᠦᠨ ᠢᠶᠠᠨ ᠪᠤᠷᠬᠠᠨ ᠤ ᠳᠤᠭᠠᠩ ᠲᠤ ᠠᠪᠠᠴᠢᠵᠤ᠂ ᠥᠪᠡᠷ ᠦᠨ ᠢᠶᠠᠨ ᠪᠤᠷᠬᠠᠨ ᠤ ᠬᠥᠮᠥᠷᠭᠡ ᠳᠦ ᠲᠠᠯᠪᠢᠵᠠᠢ᠃
3 ᠲᠡᠷᠡ ᠪᠠᠰᠠ ᠣᠷᠳᠣᠨ ᠤ ᠠᠬᠠᠯᠠᠭᠴᠢ ᠲᠦᠰᠢᠮᠡᠯ ᠠᠱᠫᠧᠨᠠᠽ ᠲᠤ ᠲᠤᠰᠢᠶᠠᠨ᠂ ᠢᠰᠷᠧᠯᠴᠦᠳ ᠦᠨ ᠬᠠᠭᠠᠨ ᠨᠣᠶᠠᠳ ᠤᠨ ᠦᠷ᠎ᠡ ᠤᠳᠤᠮ ᠤᠨ ᠳᠤᠮᠳᠠ ᠠᠴᠠ 4 ᠥ ᠦᠭᠡᠢ᠂ ᠦᠵᠡᠰᠬᠦᠯᠡᠩ ᠲᠡᠭᠦᠰ᠂ ᠡᠷᠳᠡᠮ ᠤᠬᠠᠭᠠᠨ ᠤ ᠪᠦᠬᠦ ᠰᠠᠯᠪᠤᠷᠢ ᠳᠤ ᠭᠠᠷᠮᠠᠭᠠᠢ᠂ ᠮᠡᠳᠡᠯᠭᠡ ᠲᠠᠢ᠂ ᠣᠢ ᠰᠠᠢᠲᠠᠢ ᠪᠥᠭᠡᠳ ᠬᠠᠭᠠᠨ ᠤ ᠣᠷᠳᠣᠨ ᠳᠤ ᠦᠢᠯᠡᠴᠢᠯᠡᠬᠦ ᠴᠢᠳᠠᠪᠤᠷᠢ ᠲᠠᠢ ᠵᠠᠯᠠᠭᠤᠰ ᠢ ᠠᠪᠴᠢᠷᠠᠭᠤᠯᠵᠤ᠂ ᠲᠡᠳᠡᠨ ᠳᠦ ᠪᠠᠪᠢᠯᠣᠨᠴᠤᠳ ᠤᠨ ᠬᠡᠯᠡ ᠪᠠ ᠦᠰᠦᠭ ᠪᠢᠴᠢᠭ ᠢ ᠵᠢᠭᠠᠯᠭᠠᠪᠠ᠃ 5 ᠬᠠᠭᠠᠨ ᠡᠳᠦᠷ ᠪᠦᠷᠢ ᠲᠡᠳᠡᠨ ᠳᠦ ᠥᠪᠡᠷ ᠦᠨ ᠢᠶᠠᠨ ᠢᠳᠡᠳᠡᠭ ᠬᠣᠭᠣᠯᠠ᠂ ᠤᠤᠭᠤᠳᠠᠭ ᠳᠠᠷᠠᠰᠤᠨ ᠠᠴᠠ ᠲᠣᠭᠲᠠᠭᠰᠠᠨ ᠬᠤᠪᠢ ᠶᠢ ᠬᠦᠷᠲᠡᠭᠡᠵᠦ᠂ ᠲᠡᠳᠡᠨ ᠢ ᠭᠤᠷᠪᠠᠨ ᠵᠢᠯ ᠪᠣᠯᠪᠠᠰᠤᠷᠠᠭᠤᠯᠤᠭᠠᠳ ᠬᠤᠭᠤᠴᠠᠭ᠎ᠠ ᠭᠦᠢᠴᠡᠬᠦ ᠳᠦ᠂ ᠥᠪᠡᠷ ᠦᠨ ᠢᠶᠠᠨ ᠡᠮᠦᠨ᠎ᠡ ᠦᠢᠯᠡᠴᠢᠯᠡᠭᠦᠯᠬᠦ ᠭᠡᠵᠦ ᠪᠠᠢᠯ᠎ᠠ᠃ 6 ᠲᠡᠷᠡ ᠵᠠᠯᠠᠭᠤᠰ ᠤᠨ ᠳᠤᠮᠳᠠ ᠶᠦᠳᠠ ᠬᠥᠮᠦᠨ ᠳ᠋ᠠᠨᠢᠶᠧᠯ᠂ ᠬᠠᠨᠠᠨᠢᠶ᠎ᠠ᠂ ᠮᠢᠱᠠᠶᠧᠯ᠂ ᠠᠽᠠᠷᠢᠶ᠎ᠠ ᠪᠠᠢᠪᠠ᠃ 7 ᠠᠬᠠᠯᠠᠭᠴᠢ ᠲᠦᠰᠢᠮᠡᠯ ᠲᠡᠳᠡᠨ ᠦ ᠨᠡᠷ᠎ᠡ ᠶᠢ ᠬᠠᠯᠠᠵᠤ᠂ ᠳ᠋ᠠᠨᠢᠶᠧᠯ ᠢ ᠪᠧᠯᠲ᠋ᠧᠱᠠᠽᠠᠷ᠂ ᠬᠠᠨᠠᠨᠢᠶ᠎ᠠ ᠶᠢ ᠱᠠᠳ᠋ᠷᠠᠺ᠂ ᠮᠢᠱᠠᠶᠧᠯ ᠢ ᠮᠧᠱᠠᠺ᠂ ᠠᠽᠠᠷᠢᠶ᠎ᠠ ᠶᠢ ᠠᠪᠧᠳ᠋ ᠨᠧᠭᠣ᠋ ᠭᠡᠵᠦ ᠨᠡᠷᠡᠯᠡᠪᠡ᠃
8 ᠳ᠋ᠠᠨᠢᠶᠧᠯ ᠬᠠᠭᠠᠨ ᠤ ᠬᠣᠭᠣᠯᠠ ᠪᠠ ᠳᠠᠷᠠᠰᠤ ᠪᠠᠷ ᠥᠪᠡᠷ ᠢ ᠪᠠᠨ ᠪᠤᠵᠠᠷᠯᠠᠬᠤ ᠦᠭᠡᠢ ᠭᠡᠵᠦ ᠰᠡᠳᠬᠢᠯ ᠳᠡᠭᠡᠨ ᠰᠢᠭᠤᠳᠪᠠ᠃ ᠲᠡᠢᠨ ᠬᠦ ᠥᠪᠡᠷ ᠢ ᠪᠠᠨ ᠪᠤᠵᠠᠷᠯᠠᠬᠤ ᠦᠭᠡᠢ ᠪᠠᠢᠬᠤ ᠶᠢᠨ ᠲᠤᠯᠠᠳᠠ ᠲᠦᠰᠢᠮᠡᠯ ᠡᠴᠡ ᠨᠢ ᠵᠥᠪᠰᠢᠶᠡᠷᠡᠯ ᠭᠤᠶᠤᠬᠤ ᠳᠤ᠂ 9 ᠪᠤᠷᠬᠠᠨ ᠲᠡᠷᠡ ᠲᠦᠰᠢᠮᠡᠯ ᠦᠨ ᠡᠮᠦᠨ᠎ᠡ ᠳ᠋ᠠᠨᠢᠶᠧᠯ ᠳᠤ ᠡᠨᠡᠷᠢᠯ᠂ ᠥᠷᠥᠪᠳᠥᠯ ᠦᠵᠡᠭᠦᠯᠵᠡᠢ᠃ 10 ᠬᠠᠷᠢᠨ ᠲᠡᠷᠡ ᠲᠦᠰᠢᠮᠡᠯ ᠳ᠋ᠠᠨᠢᠶᠧᠯ ᠳᠤ᠄ 《ᠪᠢ ᠡᠵᠡᠨ ᠬᠠᠭᠠᠨ ᠠᠴᠠ ᠪᠠᠨ ᠠᠶᠤᠵᠤ ᠪᠠᠢᠨ᠎ᠠ᠃ ᠲᠡᠷᠡ ᠪᠡᠷ ᠲᠠ ᠨᠠᠷ ᠤᠨ ᠢᠳᠡᠭᠡᠨ ᠤᠮᠳᠠᠭᠠᠨ ᠢ ᠲᠣᠭᠲᠠᠭᠠᠭᠰᠠᠨ᠂ ᠬᠡᠷᠪᠡ ᠲᠠ ᠨᠠᠷ ᠤᠨ ᠨᠢᠭᠤᠷ ᠴᠢᠷᠠᠢ ᠦᠶ᠎ᠡ ᠲᠡᠩ ᠦᠨ ᠢᠶᠠᠨ ᠵᠠᠯᠠᠭᠤᠰ ᠤᠨ ᠴᠢᠷᠠᠢ ᠠᠴᠠ ᠴᠣᠩᠬᠢᠭᠠᠷ ᠪᠠᠢᠬᠤ ᠶᠢ ᠲᠡᠷᠡ ᠠᠩᠵᠠᠭᠠᠷᠠᠪᠠᠯ ᠶᠠᠭᠠᠬᠢᠬᠤ ᠪᠤᠢ︖ ᠲᠠ ᠨᠠᠷ ᠤᠨ ᠤᠯᠠᠮ ᠢᠶᠠᠷ ᠬᠠᠭᠠᠨ ᠮᠢᠨᠦ ᠲᠣᠯᠣᠭᠠᠢ ᠶᠢ ᠠᠪᠤᠨ᠎ᠠ》 ᠭᠡᠯᠡ᠃ 11 ᠠᠬᠠᠯᠠᠭᠴᠢ ᠲᠦᠰᠢᠮᠡᠯ ᠪᠡᠷ ᠳ᠋ᠠᠨᠢᠶᠧᠯ᠂ ᠬᠠᠨᠠᠨᠢᠶ᠎ᠠ᠂ ᠮᠢᠱᠠᠶᠧᠯ᠂ ᠠᠽᠠᠷᠢᠶ᠎ᠠ ᠶᠢ ᠬᠠᠷᠠᠭᠠᠯᠵᠠᠭᠤᠯᠬᠤ ᠪᠠᠷ ᠨᠢᠭᠡ ᠬᠠᠷᠠᠭᠤᠯ ᠲᠣᠮᠢᠯᠠᠭᠰᠠᠨ ᠪᠠᠢᠯ᠎ᠠ᠃ ᠳ᠋ᠠᠨᠢᠶᠧᠯ ᠲᠡᠭᠦᠨ ᠳᠦ᠄ 12 《ᠲᠠ ᠵᠠᠷᠤᠴᠠ ᠪᠢᠳᠡ ᠨᠠᠷ ᠢᠶᠠᠨ ᠠᠷᠪᠠᠨ ᠡᠳᠦᠷ ᠰᠣᠷᠢᠵᠤ᠂ ᠨᠣᠭᠣᠭ᠎ᠠ ᠯᠠ ᠥᠭᠴᠦ ᠢᠳᠡᠭᠦᠯᠦᠨ᠂ ᠤᠰᠤ ᠯᠠ ᠤᠤᠭᠤᠯᠭᠠᠨ᠎ᠠ ᠤᠤ︖ 13 ᠲᠡᠭᠡᠭᠡᠳ ᠪᠢᠳᠡᠨ ᠦ ᠴᠢᠷᠠᠢ ᠶᠢ ᠬᠠᠭᠠᠨ ᠤ ᠬᠣᠭᠣᠯᠠᠨ ᠠᠴᠠ ᠢᠳᠡᠳᠡᠭ ᠵᠠᠯᠠᠭᠤᠰ ᠤᠨ ᠴᠢᠷᠠᠢ ᠲᠠᠢ ᠬᠠᠷᠢᠴᠠᠭᠤᠯᠤᠨ ᠦᠵᠡᠵᠦ᠂ ᠬᠠᠷᠠᠭᠰᠠᠨ ᠤ ᠪᠠᠨ ᠳᠠᠭᠠᠤ ᠵᠠᠷᠤᠴᠠ ᠨᠠᠷ ᠲᠠᠭᠠᠨ ᠦᠢᠯᠡᠳᠦᠭᠡᠴᠢ》 ᠭᠡᠰᠡᠨ ᠳᠦ᠂ 14 ᠲᠡᠷᠡ ᠵᠥᠪᠰᠢᠶᠡᠷᠡᠵᠦ᠂ ᠲᠡᠳᠡᠨ ᠢ ᠠᠷᠪᠠᠨ ᠡᠳᠦᠷ ᠰᠣᠷᠢᠪᠠ᠃ 15 ᠠᠷᠪᠠᠨ ᠡᠳᠦᠷ ᠪᠣᠯᠬᠤ ᠳᠤ᠂ ᠲᠡᠳᠡᠨ ᠦ ᠴᠢᠷᠠᠢ ᠬᠠᠭᠠᠨ ᠤ ᠬᠣᠭᠣᠯᠠᠨ ᠠᠴᠠ ᠢᠳᠡᠭᠰᠡᠨ ᠵᠠᠯᠠᠭᠤᠰ ᠤᠨ ᠠᠯᠢᠨ ᠤ ᠬᠢᠨᠢ ᠴᠢᠷᠠᠢ ᠠᠴᠠ ᠴᠤ ᠢᠯᠡᠭᠦᠦ ᠥᠩᠭᠡᠯᠢᠭ᠂ ᠮᠠᠷᠢᠶᠠᠯᠢᠭ ᠬᠠᠷᠠᠭᠳᠠᠪᠠ᠃ 16 ᠲᠡᠢᠮᠦ ᠡᠴᠡ ᠬᠠᠷᠠᠭᠤᠯ ᠲᠡᠳᠡᠨ ᠳᠦ ᠨᠣᠭᠳᠠᠭᠰᠠᠨ ᠬᠣᠭᠣᠯᠠ ᠳᠠᠷᠠᠰᠤ ᠶᠢ ᠨᠢ ᠥᠭᠭᠥᠯ ᠦᠭᠡᠢ᠂ ᠨᠣᠭᠣᠭ᠎ᠠ ᠥᠭᠭᠥᠭᠰᠡᠭᠡᠷ ᠪᠠᠢᠯ᠎ᠠ᠃ 17 ᠪᠤᠷᠬᠠᠨ ᠡᠨᠡ ᠳᠥᠷᠪᠡᠨ ᠵᠠᠯᠠᠭᠤ ᠳᠤ ᠪᠦᠬᠦ ᠲᠥᠷᠥᠯ ᠦᠨ ᠦᠰᠦᠭ ᠪᠢᠴᠢᠭ᠂ ᠡᠷᠳᠡᠮ ᠤᠬᠠᠭᠠᠨ ᠤ ᠪᠦᠬᠦ ᠰᠠᠯᠪᠤᠷᠢ ᠶᠢᠨ ᠮᠡᠳᠡᠯᠭᠡ ᠪᠠ ᠤᠬᠠᠭᠠᠮᠵᠢ ᠶᠢ ᠰᠣᠶᠣᠷᠬᠠᠪᠠ᠃ ᠳ᠋ᠠᠨᠢᠶᠧᠯ ᠨᠢ ᠪᠦᠬᠦ ᠲᠥᠷᠥᠯ ᠦᠨ ᠦᠵᠡᠭᠳᠡᠯ ᠪᠠ ᠵᠡᠭᠦᠳᠦ ᠶᠢ ᠣᠢᠯᠠᠭᠠᠬᠤ ᠴᠢᠳᠠᠪᠤᠷᠢ ᠲᠠᠢ ᠪᠠᠢᠯ᠎ᠠ᠃
18 ᠬᠠᠭᠠᠨ ᠤ ᠲᠣᠭᠲᠠᠭᠠᠭᠰᠠᠨ ᠬᠤᠭᠤᠴᠠᠭ᠎ᠠ ᠭᠦᠢᠴᠡᠬᠦ ᠳᠦ᠂ ᠠᠬᠠᠯᠠᠭᠴᠢ ᠲᠦᠰᠢᠮᠡᠯ ᠲᠡᠳᠡᠨ ᠢ ᠨᠧᠪᠦ᠋ᠺᠠᠨᠧᠽᠠᠷ ᠲᠤ ᠠᠪᠠᠴᠢᠪᠠ᠃ 19 ᠬᠠᠭᠠᠨ ᠲᠡᠳᠡᠨ ᠲᠡᠢ ᠶᠠᠷᠢᠯᠴᠠᠵᠤ ᠦᠵᠡᠬᠦ ᠳᠦ᠂ ᠲᠡᠳᠡ ᠪᠦᠭᠦᠳᠡ ᠶᠢᠨ ᠳᠤᠮᠳᠠ ᠠᠴᠠ ᠳ᠋ᠠᠨᠢᠶᠧᠯ᠂ ᠬᠠᠨᠠᠨᠢᠶ᠎ᠠ᠂ ᠮᠢᠱᠠᠶᠧᠯ᠂ ᠠᠽᠠᠷᠢᠶ᠎ᠠ ᠲᠠᠢ ᠡᠩ ᠵᠡᠷᠭᠡᠴᠡᠬᠦ ᠬᠥᠮᠦᠨ ᠪᠠᠢᠭᠰᠠᠨ ᠦᠭᠡᠢ᠃ ᠲᠡᠳᠡ ᠬᠠᠭᠠᠨ ᠤ ᠡᠮᠦᠨ᠎ᠡ ᠦᠢᠯᠡᠴᠢᠯᠡᠬᠦ ᠪᠣᠯᠣᠯ᠎ᠠ᠃ 20 ᠬᠠᠭᠠᠨ ᠲᠡᠳᠡᠨ ᠢ ᠮᠡᠷᠭᠡᠨ ᠤᠬᠠᠭᠠᠨ ᠪᠠ ᠡᠷᠳᠡᠮ ᠮᠡᠳᠡᠯᠭᠡ ᠶᠢᠨ ᠪᠦᠬᠦ ᠰᠡᠳᠦᠪ ᠢᠶᠡᠷ ᠰᠢᠯᠭᠠᠭᠠᠳ᠂ ᠲᠡᠳᠡ ᠪᠣᠯ ᠬᠠᠭᠠᠨᠴᠢᠯᠠᠯ ᠤᠨ ᠬᠢᠨᠢ ᠠᠯᠢ ᠴᠤ ᠶᠢᠯᠸᠢᠴᠢᠨ᠂ ᠵᠢᠷᠤᠬᠠᠢᠴᠢ ᠡᠴᠡ ᠠᠷᠪᠠ ᠳᠠᠬᠢᠨ ᠢᠯᠡᠭᠦᠦ ᠪᠣᠯᠬᠤ ᠶᠢ ᠲᠡᠷᠡ ᠣᠯᠵᠤ ᠮᠡᠳᠡᠯ᠎ᠡ᠃ 21 ᠢᠩᠭᠢᠭᠡᠳ ᠳ᠋ᠠᠨᠢᠶᠧᠯ ᠺᠦᠷᠣᠰ ᠬᠠᠭᠠᠨ ᠤ ᠨᠢᠭᠡᠳᠦᠭᠡᠷ ᠣᠨ ᠬᠦᠷᠲᠡᠯ᠎ᠡ ᠲᠡᠨᠳᠡ ᠪᠠᠢᠵᠠᠢ᠃