1 2 3 4 5 6 7 8 9 10 11 12


ᠳ᠋ᠠᠨᠢᠶᠧᠯ ᠠᠷᠪᠠᠨ ᠨᠢᠭᠡ

1 ᠮᠧᠳᠧ ᠬᠥᠮᠦᠨ ᠳ᠋ᠠᠷᠢᠶᠦ᠋ ᠶᠢᠨ ᠠᠩ᠋ᠬᠠᠳᠤᠭᠠᠷ ᠣᠨ ᠳᠤ᠂ ᠪᠢ ᠲᠡᠭᠦᠨ ᠢ ᠳᠡᠮᠵᠢᠵᠦ᠂ ᠬᠠᠮᠠᠭᠠᠯᠠᠬᠤ ᠪᠠᠷ ᠵᠣᠭᠰᠣᠭᠰᠠᠨ᠃

2 ᠣᠳᠣ ᠪᠢ ᠴᠢᠮ᠎ᠠ ᠳᠤ ᠦᠨᠡᠨ ᠢ ᠬᠡᠯᠡᠶ᠎ᠡ᠃ ᠬᠠᠷᠠ᠂ ᠫᠧᠷᠰ ᠲᠤ ᠭᠤᠷᠪᠠᠨ ᠬᠠᠭᠠᠨ ᠭᠠᠷᠤᠨ᠎ᠠ᠃ ᠳᠥᠷᠪᠡᠳᠡᠬᠢ ᠨᠢ ᠲᠡᠳᠡ ᠪᠦᠭᠦᠳᠡ ᠡᠴᠡ ᠪᠡᠨ ᠬᠣᠯᠠ ᠢᠯᠡᠭᠦᠦ ᠪᠠᠶᠠᠨ ᠪᠣᠯᠣᠨ᠎ᠠ᠂ ᠲᠡᠷᠡ ᠪᠡᠷ ᠡᠳ᠋ ᠪᠠᠶᠠᠯᠢᠭ ᠤᠨ ᠢᠶᠠᠨ ᠤᠯᠠᠮ ᠢᠶᠠᠷ ᠬᠦᠴᠦᠷᠬᠡᠭ ᠪᠣᠯᠵᠤ᠂ ᠪᠦᠬᠦᠨ ᠢᠶᠡᠨ ᠬᠥᠳᠡᠯᠭᠡᠨ ᠭᠷᠧᠭ ᠬᠠᠭᠠᠨᠲᠤ ᠤᠯᠤᠰ ᠢ ᠴᠣᠬᠢᠨ᠎ᠠ᠃ 3 ᠬᠠᠷᠢᠨ ᠨᠢᠭᠡ ᠬᠦᠴᠦᠷᠬᠡᠭ ᠬᠠᠭᠠᠨ ᠭᠠᠷᠴᠤ᠂ ᠠᠭᠤᠤ ᠡᠷᠬᠡ ᠮᠡᠳᠡᠯ ᠢᠶᠡᠷ ᠵᠠᠬᠢᠷᠴᠤ᠂ ᠬᠦᠰᠡᠭᠰᠡᠨ ᠢᠶᠡᠨ ᠦᠢᠯᠡᠳᠬᠦ ᠪᠣᠯᠣᠨ᠎ᠠ᠃ 4 ᠲᠡᠷᠡ ᠭᠠᠷᠤᠭᠰᠠᠨ ᠤ ᠳᠠᠷᠠᠭ᠎ᠠ ᠬᠠᠭᠠᠨᠴᠢᠯᠠᠯ ᠨᠢ ᠪᠤᠲᠠᠷᠠᠵᠤ᠂ ᠳᠡᠯᠡᠬᠡᠢ ᠶᠢᠨ ᠳᠥᠷᠪᠡᠨ ᠵᠦᠭ ᠲᠦ ᠬᠤᠪᠢᠶᠠᠭᠳᠠᠨ᠎ᠠ᠃ ᠲᠡᠷᠡ ᠨᠢ ᠲᠡᠭᠦᠨ ᠦ ᠦᠷ᠎ᠡ ᠤᠳᠤᠮ ᠤᠨ ᠬᠢ ᠪᠣᠯᠬᠤ ᠦᠭᠡᠢ᠂ ᠲᠡᠭᠦᠨ ᠦ ᠬᠢ ᠰᠢᠭ ᠡᠷᠬᠡ ᠮᠡᠳᠡᠯ ᠴᠤ ᠬᠡᠷᠡᠭᠵᠢᠭᠦᠯᠦᠭᠳᠡᠬᠦ ᠦᠭᠡᠢ᠂ ᠬᠠᠭᠠᠨᠴᠢᠯᠠᠯ ᠨᠢ ᠦᠨᠳᠦᠰᠦ ᠪᠡᠷ ᠢᠶᠠᠨ ᠲᠠᠰᠤᠯᠤᠭᠳᠠᠵᠤ᠂ ᠪᠤᠰᠤᠳ ᠲᠤ ᠲᠤᠰᠢᠶᠠᠭᠳᠠᠨ᠎ᠠ᠃

5 ᠡᠮᠦᠨ᠎ᠡ ᠵᠦᠭ ᠦᠨ ᠬᠠᠭᠠᠨ ᠬᠦᠴᠦᠷᠬᠡᠭ ᠪᠠᠢᠬᠤ ᠪᠣᠯᠣᠨ᠎ᠠ᠃ ᠭᠡᠪᠡᠴᠦ ᠨᠢᠭᠡ ᠵᠠᠩᠵᠤᠨ ᠨᠢ ᠲᠡᠭᠦᠨ ᠡᠴᠡ ᠢᠯᠡᠭᠦᠦ ᠬᠦᠴᠦᠷᠬᠡᠭᠵᠢᠵᠦ᠂ ᠲᠡᠭᠦᠨ ᠦ ᠬᠢ ᠡᠴᠡ ᠢᠯᠡᠭᠦᠦ ᠶᠢ ᠵᠠᠬᠢᠷᠤᠨ᠎ᠠ᠃ 6 ᠬᠡᠳᠦᠨ ᠵᠢᠯ ᠤᠨ ᠳᠠᠷᠠᠭ᠎ᠠ ᠲᠡᠳᠡ ᠬᠦᠴᠦ ᠪᠡᠨ ᠨᠡᠢᠯᠡᠭᠦᠯᠦᠨ᠎ᠡ᠂ ᠡᠮᠦᠨ᠎ᠡ ᠵᠦᠭ ᠦᠨ ᠬᠠᠭᠠᠨ ᠤ ᠥᠬᠢᠨ ᠬᠣᠯᠪᠣᠭ᠎ᠠ ᠪᠠᠢᠭᠤᠯᠬᠤ ᠪᠠᠷ ᠤᠮᠠᠷ᠎ᠠ ᠵᠦᠭ ᠦᠨ ᠬᠠᠭᠠᠨ ᠳᠤ ᠣᠴᠢᠨ᠎ᠠ᠃ ᠬᠠᠷᠢᠨ ᠭᠦᠩᠵᠦ ᠶᠢᠨ ᠬᠦᠴᠦ ᠨᠥᠯᠥᠭᠡ ᠪᠠᠭᠤᠷᠠᠵᠤ᠂ ᠬᠠᠭᠠᠨ ᠤ ᠨᠥᠯᠥᠭᠡ ᠴᠤ ᠬᠡᠪ ᠢᠶᠡᠷ ᠢᠶᠠᠨ ᠦᠯᠡᠳᠡᠬᠦ ᠦᠭᠡᠢ᠃ ᠲᠡᠷᠡ ᠡᠳᠦᠷ ᠤᠳ ᠲᠤ ᠭᠦᠩᠵᠦ ᠥᠪᠡᠷ ᠦᠨ ᠢᠶᠠᠨ ᠪᠠᠷ᠎ᠠ ᠪᠣᠯᠣᠭᠴᠢᠳ᠂ ᠡᠴᠢᠭᠡ ᠪᠣᠯᠣᠨ ᠳᠡᠮᠵᠢᠭᠴᠢ ᠲᠠᠢ ᠪᠠᠨ ᠬᠠᠮᠲᠤ ᠬᠠᠶᠠᠭᠳᠠᠨ᠎ᠠ᠃ 7 ᠬᠠᠷᠢᠨ ᠭᠦᠩᠵᠦ ᠶᠢᠨ ᠤᠳᠤᠮ ᠤᠭᠰᠠᠭᠠᠨ ᠤ ᠨᠢᠭᠡ ᠬᠥᠮᠦᠨ ᠣᠷᠣᠨ ᠳᠤᠨᠢ ᠭᠠᠷᠴᠤ ᠢᠷᠡᠭᠡᠳ ᠤᠮᠠᠷᠠᠲᠤ ᠬᠠᠭᠠᠨᠴᠢᠯᠠᠯ ᠤᠨ ᠴᠡᠷᠢᠭ ᠢ ᠴᠣᠬᠢᠨ᠂ ᠴᠠᠢᠵᠠ ᠳᠤᠨᠢ ᠣᠷᠣᠵᠤ᠂ ᠲᠡᠳᠡᠨ ᠲᠡᠢ ᠪᠠᠢᠯᠳᠤᠵᠤ ᠢᠯᠠᠨ᠎ᠠ᠃ 8 ᠲᠡᠭᠡᠭᠡᠳ ᠪᠤᠷᠬᠠᠳ᠂ ᠴᠢᠳᠬᠤᠮᠠᠯ ᠰᠢᠲᠦᠭᠡᠨ᠂ ᠮᠥᠨ ᠠᠯᠲᠠ ᠮᠥᠩᠭᠥᠨ ᠬᠡᠷᠡᠭᠰᠡᠯ ᠤᠳ ᠢ ᠨᠢ ᠲᠣᠨᠣᠭᠠᠳ ᠶᠧᠵᠢᠫᠲ ᠤᠷᠤᠭᠤ ᠠᠪᠠᠴᠢᠨ᠎ᠠ᠂ ᠲᠡᠷᠡ ᠪᠡᠷ ᠬᠡᠳᠦᠨ ᠵᠢᠯ ᠤᠮᠠᠷ᠎ᠠ ᠵᠦᠭ ᠦᠨ ᠬᠠᠭᠠᠨ ᠢ ᠳᠣᠪᠲᠣᠯᠬᠤ ᠦᠭᠡᠢ ᠪᠠᠢᠬᠤ ᠳᠤ᠂ 9 ᠤᠮᠠᠷ᠎ᠠ ᠵᠦᠭ ᠦᠨ ᠬᠠᠭᠠᠨ ᠡᠮᠦᠨ᠎ᠡ ᠵᠦᠭ ᠦᠨ ᠬᠠᠭᠠᠨ ᠤ ᠨᠤᠲᠤᠭ ᠲᠤ ᠬᠠᠯᠳᠠᠨ ᠢᠷᠡᠨ᠎ᠡ᠃ ᠬᠠᠷᠢᠨ ᠲᠡᠷᠡ ᠨᠤᠲᠤᠭ ᠤᠷᠤᠭᠤ ᠪᠠᠨ ᠪᠤᠴᠠᠬᠤ ᠯᠠ ᠪᠣᠯᠣᠨ᠎ᠠ᠃

10 ᠳᠠᠷᠠᠭ᠎ᠠ ᠨᠢ ᠲᠡᠭᠦᠨ ᠦ ᠬᠥᠪᠡᠭᠦᠳ ᠳᠠᠢᠨ ᠥᠳᠥᠭᠡᠨ᠂ ᠠᠰᠤᠷᠤ ᠣᠯᠠᠨ ᠴᠡᠷᠢᠭ ᠢ ᠴᠤᠭᠯᠠᠭᠤᠯᠤᠨ᠎ᠠ᠂ ᠲᠡᠳᠡᠨ ᠦ ᠨᠢᠭᠡ ᠨᠢ ᠦᠶᠡᠷ ᠮᠡᠲᠦ ᠳᠠᠭᠠᠷᠢᠨ ᠥᠩᠭᠡᠷᠡᠵᠦ ᠡᠮᠦᠨ᠎ᠡ ᠵᠦᠭ ᠦᠨ ᠬᠠᠭᠠᠨ ᠤ ᠪᠠᠲᠤ ᠴᠠᠢᠵᠠ ᠶᠢ ᠬᠦᠷᠲᠡᠯ᠎ᠡ ᠳᠣᠪᠲᠣᠯᠣᠨ᠎ᠠ᠃ 11 ᠡᠮᠦᠨ᠎ᠡ ᠵᠦᠭ ᠦᠨ ᠬᠠᠭᠠᠨ ᠠᠭᠤᠷᠯᠠᠵᠤ᠂ ᠤᠮᠠᠷ᠎ᠠ ᠵᠦᠭ ᠦᠨ ᠬᠠᠭᠠᠨ ᠲᠠᠢ ᠲᠤᠯᠤᠯᠳᠤᠬᠤ ᠪᠠᠷ ᠣᠴᠢᠨ᠎ᠠ᠃ ᠤᠮᠠᠷ᠎ᠠ ᠵᠦᠭ ᠦᠨ ᠬᠠᠭᠠᠨ ᠠᠰᠤᠷᠤ ᠣᠯᠠᠨ ᠴᠡᠷᠢᠭ ᠴᠤᠭᠯᠠᠭᠤᠯᠤᠨ ᠢᠷᠡᠭᠰᠡᠨ ᠴᠤ ᠲᠡᠭᠦᠨ ᠦ ᠣᠯᠠᠨ ᠴᠡᠷᠢᠭ ᠡᠮᠦᠨ᠎ᠡ ᠵᠦᠭ ᠦᠨ ᠬᠠᠭᠠᠨ ᠤ ᠭᠠᠷ ᠲᠤ ᠲᠤᠰᠢᠶᠠᠭᠳᠠᠨ᠎ᠠ᠃ 12 ᠡᠮᠦᠨ᠎ᠡ ᠵᠦᠭ ᠦᠨ ᠬᠠᠭᠠᠨ ᠦᠢ ᠣᠯᠠᠨ ᠢ ᠣᠯᠵᠠᠯᠠᠭᠰᠠᠨ ᠤ ᠳᠠᠷᠠᠭ᠎ᠠ᠂ ᠵᠢᠷᠦᠬᠡ ᠨᠢ ᠪᠠᠷᠳᠠᠮ ᠪᠣᠯᠣᠨ᠎ᠠ᠂ ᠲᠡᠷᠡ ᠪᠡᠷ ᠣᠯᠠᠨ ᠲᠦᠮᠡ ᠶᠢ ᠤᠰᠠᠳᠬᠠᠪᠠᠴᠤ ᠢᠯᠠᠯᠲᠠ ᠨᠢ ᠤᠳᠠᠭᠠᠨ ᠦᠷᠭᠦᠯᠵᠢᠯᠡᠬᠦ ᠦᠭᠡᠢ᠃ 13 ᠤᠮᠠᠷ᠎ᠠ ᠵᠦᠭ ᠦᠨ ᠬᠠᠭᠠᠨ ᠤᠷᠢᠳᠤ ᠶᠢᠨ ᠬᠢ ᠡᠴᠡ ᠢᠯᠡᠭᠦᠦ ᠣᠯᠠᠨ ᠴᠡᠷᠢᠭ ᠴᠤᠭᠯᠠᠭᠤᠯᠵᠤ᠂ ᠬᠡᠳᠦᠨ ᠵᠢᠯ ᠤᠨ ᠳᠠᠷᠠᠭ᠎ᠠ ᠪᠦᠷᠢᠨ ᠵᠡᠪᠰᠡᠭᠯᠡᠭᠰᠡᠨ ᠶᠡᠬᠡ ᠴᠡᠷᠢᠭ ᠲᠠᠢ ᠪᠠᠨ ᠵᠠᠢᠯᠠᠰᠢ ᠦᠭᠡᠢ ᠳᠠᠬᠢᠨ ᠳᠣᠪᠲᠣᠯᠣᠨ᠎ᠠ᠃

14 ᠲᠡᠷᠡ ᠦᠶ᠎ᠡ ᠳᠦ ᠣᠯᠠᠨ ᠬᠥᠮᠦᠨ ᠡᠮᠦᠨ᠎ᠡ ᠵᠦᠭ ᠦᠨ ᠬᠠᠭᠠᠨ ᠤ ᠡᠰᠡᠷᠭᠦ ᠪᠣᠰᠣᠨ᠎ᠠ᠃ ᠲᠠᠨ ᠤ ᠠᠷᠠᠳ ᠲᠦᠮᠡᠨ ᠦ ᠳᠤᠮᠳᠠ ᠠᠴᠠ ᠴᠤ ᠬᠡᠲᠦᠷᠡᠮᠡᠭᠡᠢ ᠬᠥᠮᠦᠰ ᠤᠷᠪᠠᠬᠤ ᠪᠣᠯᠪᠠᠴᠤ ᠠᠮᠵᠢᠯᠲᠠ ᠣᠯᠬᠤ ᠦᠭᠡᠢ᠃ ᠲᠡᠢᠨ ᠬᠦ ᠦᠵᠡᠭᠳᠡᠯ ᠪᠡᠶᠡᠯᠡᠭᠳᠡᠨ᠎ᠡ᠃ 15 ᠲᠡᠭᠡᠬᠦ ᠳᠦ ᠤᠮᠠᠷ᠎ᠠ ᠵᠦᠭ ᠦᠨ ᠬᠠᠭᠠᠨ ᠢᠷᠡᠵᠦ᠂ ᠪᠡᠬᠢᠯᠡᠯᠲᠡ ᠪᠣᠰᠬᠠᠵᠤ᠂ ᠪᠡᠬᠢᠯᠡᠯᠲᠡᠲᠦ ᠬᠣᠲᠠ ᠶᠢ ᠡᠵᠡᠯᠡᠨ ᠠᠪᠤᠨ᠎ᠠ᠃ ᠡᠮᠦᠨ᠎ᠡ ᠵᠦᠭ ᠦᠨ ᠴᠡᠷᠢᠭ ᠲᠡᠭᠦᠨ ᠢ ᠳᠡᠢᠯᠬᠦ ᠦᠭᠡᠢ᠂ ᠰᠢᠯᠢᠳᠡᠭ ᠴᠡᠷᠢᠭ ᠤᠳ ᠨᠢ ᠴᠤ ᠡᠰᠡᠷᠭᠦᠴᠡᠬᠦ ᠬᠦᠴᠦ ᠦᠭᠡᠢ ᠪᠠᠢᠬᠤ ᠪᠣᠯᠣᠨ᠎ᠠ᠃ 16 ᠳᠣᠪᠲᠣᠯᠣᠭᠴᠢ ᠨᠢ ᠬᠦᠰᠡᠭᠰᠡᠨ ᠢᠶᠡᠨ ᠦᠢᠯᠡᠳᠬᠦ ᠪᠣᠯᠪᠠᠴᠤ ᠲᠡᠭᠦᠨ ᠢ ᠬᠣᠷᠢᠭᠯᠠᠭᠴᠢ ᠪᠠᠢᠬᠤ ᠦᠭᠡᠢ ᠪᠥᠭᠡᠳ ᠬᠣᠵᠢᠮ ᠲᠡᠷᠡ ᠪᠡᠷ ᠵᠢᠪᠬᠤᠯᠠᠩᠲᠤ ᠣᠷᠣᠨ ᠳᠤ ᠵᠣᠭᠰᠣᠬᠤ ᠪᠣᠯᠣᠨ᠎ᠠ᠃ ᠲᠡᠭᠦᠨ ᠦ ᠭᠠᠷ ᠲᠤ ᠰᠦᠢᠷᠡᠭᠦᠯᠦᠯ ᠪᠤᠢ᠃ 17 ᠲᠡᠷᠡ ᠪᠡᠷ ᠪᠦᠬᠦᠢᠯᠡ ᠬᠠᠭᠠᠨᠴᠢᠯᠠᠯ ᠤᠨ ᠢᠶᠠᠨ ᠬᠦᠴᠦ ᠪᠡᠷ ᠳᠠᠪᠰᠢᠬᠤ ᠪᠠᠷ ᠰᠢᠢᠳᠬᠦ ᠪᠣᠯᠣᠨ᠎ᠠ᠃ ᠲᠡᠷᠡ ᠡᠮᠦᠨ᠎ᠡ ᠵᠦᠭ ᠦᠨ ᠬᠠᠭᠠᠨ ᠲᠠᠢ ᠨᠠᠢᠷᠠᠮᠳᠠᠯ ᠤᠨ ᠭᠡᠷ᠎ᠡ ᠪᠠᠢᠭᠤᠯᠤᠨ ᠥᠬᠢᠨ ᠢᠶᠠᠨ ᠲᠡᠭᠦᠨ ᠳᠦ ᠡᠬᠡᠨᠡᠷ ᠪᠣᠯᠭᠠᠨ ᠥᠭᠭᠥᠨ᠎ᠡ᠃ ᠲᠡᠷᠡ ᠪᠡᠷ ᠲᠡᠢᠨ ᠬᠦ ᠬᠠᠭᠠᠨᠴᠢᠯᠠᠯ ᠢ ᠨᠢ ᠤᠰᠠᠳᠬᠠᠬᠤ ᠭᠡᠬᠦ ᠪᠣᠯᠪᠠᠴᠤ ᠲᠡᠷᠡ ᠨᠢ ᠲᠠᠯᠠᠭᠠᠷ ᠪᠣᠯᠵᠤ᠂ ᠶᠠᠮᠠᠷ ᠴᠤ ᠠᠰᠢᠭ ᠦᠭᠡᠢ ᠪᠠᠢᠬᠤ ᠪᠣᠯᠣᠨ᠎ᠠ᠃ 18 ᠳᠠᠷᠠᠭ᠎ᠠ ᠨᠢ ᠲᠡᠷᠡ ᠪᠡᠷ ᠨᠢᠭᠤᠷ ᠢᠶᠠᠨ ᠳᠠᠯᠠᠢ ᠶᠢᠨ ᠡᠷᠭᠢ ᠤᠷᠤᠭᠤ ᠬᠠᠨᠳᠤᠭᠤᠯᠵᠤ᠂ ᠣᠯᠠᠨ ᠭᠠᠵᠠᠷ ᠢ ᠡᠵᠡᠯᠡᠨ ᠠᠪᠤᠨ᠎ᠠ᠃ ᠬᠠᠷᠢᠨ ᠨᠢᠭᠡᠨ ᠵᠠᠩᠵᠤᠨ ᠲᠡᠭᠦᠨ ᠦ ᠪᠠᠰᠤᠮᠵᠢᠯᠠᠯ ᠢ ᠡᠴᠦᠰᠯᠡᠭᠦᠯᠵᠦ᠂ ᠲᠡᠷᠡ ᠪᠠᠰᠤᠮᠵᠢᠯᠠᠯ ᠢ ᠥᠪᠡᠷ ᠤᠷᠤᠭᠤ ᠨᠢ ᠡᠷᠭᠢᠭᠦᠯᠦᠨ᠎ᠡ᠃ 19 ᠲᠡᠷᠡ ᠪᠡᠷ ᠨᠢᠭᠤᠷ ᠢᠶᠠᠨ ᠤᠯᠤᠰ ᠤᠨ ᠢᠶᠠᠨ ᠴᠠᠢᠵᠠ ᠤᠷᠤᠭᠤ ᠬᠠᠨᠳᠤᠭᠤᠯᠬᠤ ᠪᠣᠯᠪᠠᠴᠤ ᠪᠦᠳᠦᠷᠢᠵᠦ ᠤᠨᠠᠨ ᠳᠠᠯᠳᠠ ᠣᠷᠣᠬᠤ ᠪᠣᠯᠣᠨ᠎ᠠ᠃

20 ᠲᠡᠭᠦᠨ ᠦ ᠵᠠᠯᠭᠠᠮᠵᠢᠯᠠᠭᠴᠢ ᠬᠠᠭᠠᠨᠴᠢᠯᠠᠯ ᠤᠨ ᠢᠶᠠᠨ ᠰᠦᠷ ᠬᠦᠴᠦ ᠶᠢ ᠬᠠᠮᠠᠭᠠᠯᠠᠬᠤ ᠪᠠᠷ ᠲᠠᠲᠠᠪᠤᠷᠢ ᠬᠤᠷᠢᠶᠠᠭᠴᠢ ᠶᠢ ᠢᠯᠡᠭᠡᠨ᠎ᠡ᠂ ᠬᠠᠷᠢᠨ ᠲᠡᠷᠡ ᠪᠡᠷ ᠬᠡᠳᠦᠨ ᠵᠢᠯ ᠤᠨ ᠳᠠᠷᠠᠭ᠎ᠠ ᠬᠢᠯᠢᠩ ᠳᠤ ᠪᠢᠰᠢ᠂ ᠳᠠᠢᠨ ᠳᠤ ᠪᠢᠰᠢ ᠰᠦᠢᠷᠡᠨ᠎ᠡ᠃ 21 ᠨᠢᠭᠡᠨ ᠵᠢᠭᠰᠢᠭᠦᠷᠢᠲᠦ ᠬᠥᠮᠦᠨ ᠲᠡᠭᠦᠨ ᠢ ᠵᠠᠯᠭᠠᠮᠵᠢᠯᠠᠨ᠎ᠠ᠂ ᠲᠡᠷᠡ ᠬᠠᠭᠠᠨᠴᠢᠯᠠᠬᠤ ᠬᠢᠷᠢ ᠭᠡᠮ ᠢ ᠬᠦᠷᠲᠡᠭᠡ ᠦᠭᠡᠢ ᠠᠲᠠᠯ᠎ᠠ ᠰᠡᠮᠬᠡᠨ ᠢᠷᠡᠵᠦ ᠵᠠᠯᠢ ᠮᠡᠬᠡ ᠪᠡᠷ ᠬᠠᠭᠠᠨᠴᠢᠯᠠᠯ ᠢ ᠣᠯᠵᠤ ᠠᠪᠤᠨ᠎ᠠ᠃ 22 ᠦᠶᠡᠷ ᠰᠢᠭ ᠬᠦᠴᠦ ᠲᠠᠢ ᠴᠡᠷᠢᠭ ᠴᠤ ᠲᠡᠭᠦᠨ ᠦ ᠡᠮᠦᠨ᠎ᠡ ᠬᠠᠮᠤᠭᠳᠠᠨ ᠠᠷᠢᠯᠵᠤ᠂ ᠬᠣᠯᠪᠣᠭᠠᠲᠠᠨ ᠤᠳᠤᠷᠢᠳᠤᠭᠴᠢ ᠴᠤ ᠤᠰᠠᠳᠬᠠᠭᠳᠠᠨ᠎ᠠ᠃ 23 ᠲᠡᠷᠡ ᠲᠡᠭᠦᠨ ᠲᠡᠢ ᠬᠣᠯᠪᠣᠭ᠎ᠠ ᠪᠠᠢᠭᠤᠯᠤᠭᠰᠠᠨ ᠤ ᠳᠠᠷᠠᠭ᠎ᠠ᠂ ᠵᠠᠯᠢ ᠮᠡᠬᠡ ᠭᠠᠷᠭᠠᠵᠤ ᠴᠥᠭᠡᠨ ᠬᠥᠮᠦᠨ ᠢᠶᠡᠷ ᠬᠦᠴᠦᠷᠬᠡᠭ ᠪᠣᠯᠣᠨ᠎ᠠ᠃ 24 ᠲᠡᠷᠡ ᠪᠡᠷ ᠮᠤᠵᠢ ᠶᠢᠨ ᠬᠠᠮᠤᠭ ᠤᠨ ᠪᠠᠶᠠᠨ ᠨᠤᠲᠤᠭ ᠲᠤ ᠰᠡᠮᠬᠡᠨ ᠣᠷᠣᠵᠤ ᠡᠴᠢᠭᠡ ᠶᠢᠨ ᠢᠶᠠᠨ ᠴᠤ᠂ ᠡᠪᠦᠭᠡᠳ ᠦᠨ ᠢᠶᠠᠨ ᠴᠤ ᠬᠢᠵᠦ ᠵᠢᠷᠦᠬᠡᠯᠡᠭᠡ ᠦᠭᠡᠢ ᠵᠦᠢᠯ ᠢ ᠦᠢᠯᠡᠳᠦᠨ᠎ᠡ᠃ ᠲᠡᠷᠡ ᠪᠡᠷ ᠳᠡᠭᠡᠷᠡᠮᠳᠡᠵᠦ ᠣᠯᠵᠠᠯᠠᠭᠰᠠᠨ ᠡᠳ᠋ ᠪᠠᠶᠠᠯᠢᠭ ᠢᠶᠠᠨ ᠳᠠᠭᠠᠯᠳᠤᠭᠴᠢᠳ ᠲᠠᠭᠠᠨ ᠲᠦᠭᠡᠭᠡᠵᠦ᠂ ᠴᠠᠢᠵᠠ ᠨᠤᠭᠤᠳ ᠢ ᠡᠵᠡᠯᠡᠬᠦ ᠪᠡᠷ ᠲᠥᠯᠥᠪᠯᠡᠨ᠎ᠡ᠃ ᠭᠡᠪᠡᠴᠦ ᠡᠳᠡᠭᠡᠷ ᠶᠠᠪᠤᠳᠠᠯ ᠨᠢ ᠲᠦᠷ ᠵᠠᠭᠤᠷ᠎ᠠ ᠶᠢᠨ ᠬᠢ᠃ 25 ᠲᠡᠷᠡ ᠪᠡᠷ ᠶᠡᠬᠡ ᠴᠡᠷᠢᠭ ᠢᠶᠠᠷ ᠡᠮᠦᠨ᠎ᠡ ᠵᠦᠭ ᠦᠨ ᠬᠠᠭᠠᠨ ᠢ ᠴᠣᠬᠢᠬᠤ ᠪᠠᠷ ᠵᠣᠷᠢᠭ ᠬᠦᠴᠦ ᠪᠡᠨ ᠳᠠᠢᠴᠢᠯᠠᠨ᠎ᠠ᠃ ᠡᠮᠦᠨ᠎ᠡ ᠵᠦᠭ ᠦᠨ ᠬᠠᠭᠠᠨ ᠴᠤ ᠠᠰᠤᠷᠤ ᠣᠯᠠᠨ᠂ ᠮᠠᠰᠢ ᠬᠦᠴᠦᠲᠡᠢ ᠴᠡᠷᠢᠭ ᠢ ᠴᠤᠭᠯᠠᠭᠤᠯᠵᠤ ᠪᠠᠢᠯᠳᠤᠬᠤ ᠪᠣᠯᠪᠠᠴᠤ ᠲᠡᠳᠡᠨ ᠦ ᠰᠡᠳᠦᠭᠰᠡᠨ ᠮᠡᠬᠡᠨ ᠡᠴᠡ ᠪᠣᠯᠵᠤ ᠳᠡᠢᠯᠬᠦ ᠦᠭᠡᠢ᠃ 26 ᠲᠡᠷᠡ ᠥᠪᠡᠷ ᠦᠨ ᠬᠢᠨᠢ ᠬᠣᠭᠣᠯᠠ ᠠᠴᠠ ᠢᠳᠡᠳᠡᠭ ᠬᠥᠮᠦᠨ ᠳᠦ ᠪᠤᠲᠠ ᠴᠣᠬᠢᠭᠳᠠᠬᠤ ᠪᠥᠭᠡᠳ ᠴᠡᠷᠢᠭ ᠨᠢ ᠪᠤᠲᠠᠷᠠᠵᠤ ᠣᠯᠠᠨ ᠢᠶᠠᠷ ᠬᠢᠶᠠᠷᠠᠨ ᠤᠨᠠᠨ᠎ᠠ᠃ 27 ᠲᠡᠷᠡ ᠬᠣᠶᠠᠷ ᠬᠠᠭᠠᠨ ᠬᠣᠣᠷᠲᠤ ᠰᠠᠨᠠᠭ᠎ᠠ ᠡᠪᠦᠷᠯᠡᠨ ᠨᠢᠭᠡ ᠰᠢᠷᠡᠭᠡᠨ ᠳᠦ ᠰᠠᠭᠤᠵᠤ ᠪᠡᠶ᠎ᠡ ᠪᠡᠶᠡᠨ ᠳᠡᠭᠡᠨ ᠬᠤᠳᠠᠯ ᠬᠡᠯᠡᠬᠦ ᠪᠣᠯᠪᠠᠴᠤ ᠠᠮᠵᠢᠯᠲᠠ ᠳᠤ ᠬᠦᠷᠬᠦ ᠦᠭᠡᠢ᠃ ᠤᠴᠢᠷ ᠨᠢ ᠲᠡᠭᠦᠰᠬᠡᠯ ᠨᠢ ᠲᠣᠪᠯᠠᠭᠳᠠᠭᠰᠠᠨ ᠴᠠᠭ ᠲᠤ ᠢᠷᠡᠨ᠎ᠡ᠃ 28 ᠲᠡᠷᠡ ᠪᠡᠷ ᠶᠡᠬᠡ ᠣᠯᠵᠠ ᠲᠠᠢ ᠪᠠᠷ ᠨᠤᠲᠤᠭ ᠤᠷᠤᠭᠤ ᠪᠠᠨ ᠪᠤᠴᠠᠬᠤ ᠪᠣᠯᠣᠨ᠎ᠠ᠃ ᠬᠠᠷᠢᠨ ᠲᠡᠭᠦᠨ ᠦ ᠵᠢᠷᠦᠬᠡ ᠰᠡᠳᠬᠢᠯ ᠠᠷᠢᠭᠤᠨ ᠭᠡᠷ᠎ᠡ ᠶᠢᠨ ᠡᠰᠡᠷᠭᠦ ᠪᠠᠢᠬᠤ ᠪᠣᠯᠣᠨ᠎ᠠ᠃ ᠲᠡᠷᠡ ᠪᠡᠷ ᠬᠣᠬᠢᠷᠠᠯ ᠤᠴᠠᠷᠠᠭᠤᠯᠤᠭᠠᠳ ᠨᠤᠲᠤᠭ ᠲᠠᠭᠠᠨ ᠪᠤᠴᠠᠨ᠎ᠠ᠃

29 ᠲᠣᠪᠯᠠᠭᠳᠠᠭᠰᠠᠨ ᠴᠠᠭ ᠲᠤ ᠲᠡᠷᠡ ᠪᠡᠷ ᠳᠠᠬᠢᠨ ᠡᠮᠦᠨ᠎ᠡ ᠵᠦᠭ ᠶᠠᠪᠤᠬᠤ ᠪᠣᠯᠪᠠᠴᠤ ᠦᠷ᠎ᠡ ᠳ᠋ᠦᠩ ᠨᠢ ᠡᠮᠦᠨᠡᠬᠢ ᠲᠠᠢ ᠪᠠᠨ ᠠᠳᠠᠯᠢ ᠦᠭᠡᠢ ᠪᠣᠯᠣᠨ᠎ᠠ᠃ 30 ᠰᠠᠢᠫᠷᠦ᠋ᠰ ᠡᠴᠡ ᠬᠥᠯᠭᠡ ᠣᠩ᠋ᠭᠣᠴᠠ ᠨᠤᠭᠤᠳ ᠢᠷᠡᠭᠡᠳ ᠥᠪᠡᠷ ᠢ ᠨᠢ ᠴᠣᠬᠢᠬᠤ ᠲᠤᠯᠠ ᠲᠡᠷᠡ ᠪᠡᠷ ᠵᠢᠷᠦᠬᠡ ᠠᠯᠳᠠᠨ ᠪᠤᠴᠠᠵᠤ᠂ ᠠᠷᠢᠭᠤᠨ ᠭᠡᠷ᠎ᠡ ᠶᠢᠨ ᠬᠢᠨ ᠳᠤ ᠠᠭᠤᠷ ᠢᠶᠠᠨ ᠭᠠᠷᠭᠠᠨ᠎ᠠ᠃ ᠲᠡᠷᠡ ᠪᠡᠷ ᠪᠤᠴᠠᠵᠤ ᠢᠷᠡᠭᠰᠡᠨ ᠦ ᠪᠠᠨ ᠳᠠᠷᠠᠭ᠎ᠠ᠂ ᠠᠷᠢᠭᠤᠨ ᠭᠡᠷ᠎ᠡ ᠶᠢ ᠣᠭᠣᠷᠬᠤ ᠬᠥᠮᠦᠰ ᠢ ᠡᠷᠬᠢᠮᠯᠡᠨ᠎ᠡ᠃ 31 ᠴᠡᠷᠢᠭ ᠨᠢ ᠲᠡᠭᠦᠨ ᠦ ᠲᠠᠯ᠎ᠠ ᠳᠤ ᠵᠣᠭᠰᠣᠵᠤ᠂ ᠠᠷᠢᠭᠤᠨ ᠭᠠᠵᠠᠷ᠂ ᠪᠡᠬᠢᠯᠡᠯᠲᠡᠲᠦ ᠴᠠᠢᠵᠠ ᠶᠢ ᠪᠤᠵᠠᠷᠯᠠᠵᠤ᠂ ᠪᠠᠢᠩ᠋ᠭᠤ ᠶᠢᠨ ᠲᠠᠬᠢᠯ ᠢ ᠵᠣᠭᠰᠣᠭᠠᠨ᠂ ᠰᠦᠢᠷᠡᠯ ᠢ ᠠᠪᠴᠢᠷᠠᠬᠤ ᠵᠢᠭᠰᠢᠭᠦᠷᠢᠲᠦ ᠵᠦᠢᠯ ᠢ ᠲᠡᠨᠳᠡ ᠪᠣᠰᠬᠠᠨ᠎ᠠ᠃ 32 ᠭᠡᠷ᠎ᠡ ᠶᠢ ᠵᠥᠷᠢᠴᠡᠭᠴᠢᠳ ᠢ ᠲᠡᠷᠡ ᠪᠡᠷ ᠤᠷᠠᠨ ᠦᠭᠡ ᠪᠡᠷ ᠵᠠᠪᠬᠠᠢᠷᠠᠭᠤᠯᠤᠨ᠎ᠠ᠃ ᠭᠡᠪᠡᠴᠦ ᠪᠤᠷᠬᠠᠨ ᠢᠶᠠᠨ ᠮᠡᠳᠡᠭᠴᠢ ᠠᠷᠠᠳ ᠲᠦᠮᠡᠨ ᠪᠠᠲᠤ ᠵᠣᠭᠰᠣᠵᠤ ᠡᠰᠡᠷᠭᠦᠴᠡᠨ᠎ᠡ᠃ 33 ᠠᠷᠠᠳ ᠲᠦᠮᠡᠨ ᠦ ᠮᠡᠷᠭᠡᠨ ᠤᠬᠠᠭᠠᠨ ᠲᠠᠢ ᠨᠢ ᠣᠯᠠᠨ ᠢ ᠤᠬᠠᠭᠠᠷᠠᠭᠤᠯᠤᠨ᠎ᠠ᠂ ᠭᠡᠪᠡᠴᠦ ᠬᠡᠰᠡᠭ ᠬᠤᠭᠤᠴᠠᠭᠠᠨ ᠳᠤ ᠰᠡᠯᠡᠮ᠎ᠡ ᠪᠤᠶᠤ ᠭᠠᠯ ᠳᠤ ᠤᠨᠠᠵᠤ ᠣᠯᠵᠠᠯᠠᠭᠤᠯᠤᠨ ᠲᠣᠨᠣᠭᠤᠯᠵᠤ ᠪᠦᠳᠦᠷᠢᠨ᠎ᠡ᠃ 34 ᠲᠡᠳᠡ ᠪᠦᠳᠦᠷᠢᠬᠦ ᠳᠦ᠂ ᠲᠤᠰᠠᠯᠠᠮᠵᠢ ᠨᠢ ᠪᠠᠭ᠎ᠠ᠂ ᠨᠢᠭᠡᠳᠬᠦ ᠶᠢᠨ ᠲᠤᠯᠠᠳᠠ ᠤᠷᠠᠨ ᠦᠭᠡ ᠬᠡᠯᠡᠭᠴᠢ ᠨᠢ ᠣᠯᠠᠨ ᠪᠠᠢᠬᠤ ᠪᠣᠯᠣᠨ᠎ᠠ᠃ 35 ᠮᠡᠷᠭᠡᠨ ᠤᠬᠠᠭᠠᠨᠲᠠᠳ ᠤᠨ ᠵᠠᠷᠢᠮ ᠨᠢ ᠪᠦᠳᠦᠷᠢᠨ᠎ᠡ᠂ ᠲᠣᠪᠯᠠᠭᠰᠠᠨ ᠴᠠᠭ ᠠᠷᠠᠢ ᠪᠣᠯᠣᠭ᠎ᠠ ᠦᠭᠡᠢ ᠪᠠᠢᠬᠤ ᠳᠤ᠂ ᠲᠡᠳᠡ ᠴᠡᠪᠡᠷᠰᠢᠨ ᠠᠷᠢᠭᠤᠰᠴᠤ ᠡᠴᠦᠰ ᠦᠨ ᠴᠠᠭ ᠪᠣᠯᠲᠠᠯ᠎ᠠ ᠥ ᠰᠡᠪ ᠦᠭᠡᠢ ᠪᠠᠢᠬᠤ ᠪᠣᠯᠣᠨ᠎ᠠ᠃

36 ᠨᠥᠭᠥᠭᠡ ᠬᠠᠭᠠᠨ ᠬᠦᠰᠡᠭᠰᠡᠨ ᠢᠶᠡᠨ ᠬᠢᠨ᠎ᠡ᠂ ᠥᠪᠡᠷ ᠢ ᠪᠠᠨ ᠡᠷᠭᠦᠮᠵᠢᠯᠡᠨ᠂ ᠠᠯᠢᠪᠠ ᠪᠤᠷᠬᠠᠨ ᠠᠴᠠ ᠢᠯᠡᠭᠦᠦ ᠳᠡᠭᠡᠳᠦᠯᠡᠵᠦ᠂ ᠪᠤᠷᠬᠠᠳ ᠤᠨ ᠪᠤᠷᠬᠠᠨ ᠢ ᠳᠣᠷᠣᠮᠵᠢᠯᠠᠬᠤ ᠦᠭᠡ ᠶᠠᠷᠢᠬᠤ ᠪᠥᠭᠡᠳ ᠠᠭᠤᠷ ᠬᠢᠯᠢᠩ ᠤᠨ ᠴᠠᠭ ᠳᠠᠭᠤᠰᠲᠠᠯ᠎ᠠ ᠠᠮᠵᠢᠯᠲᠠ ᠣᠯᠣᠨ᠎ᠠ᠃ ᠲᠡᠢᠨ ᠬᠦ ᠲᠣᠭᠲᠠᠭᠠᠭᠳᠠᠭᠰᠠᠨ ᠵᠦᠢᠯ ᠪᠡᠶᠡᠯᠡᠭᠳᠡᠬᠦ ᠪᠣᠯᠣᠨ᠎ᠠ᠃ 37 ᠲᠡᠷᠡ ᠪᠡᠷ ᠡᠴᠢᠭᠡ ᠡᠪᠦᠭᠡᠳ ᠦᠨ ᠢᠶᠠᠨ ᠪᠤᠷᠬᠠᠳ ᠢ ᠴᠤ᠂ ᠡᠮᠡᠭᠲᠡᠢᠴᠦᠳ ᠦᠨ ᠬᠠᠢᠷᠠᠯᠠᠳᠠᠭ ᠪᠤᠷᠬᠠᠳ ᠢ ᠴᠤ᠂ ᠪᠤᠰᠤᠳ ᠠᠯᠢᠪᠠ ᠪᠤᠷᠬᠠᠳ ᠢ ᠴᠤ ᠦᠯᠦ ᠲᠣᠭᠣᠮᠰᠠᠷᠯᠠᠨ ᠥᠪᠡᠷ ᠢ ᠪᠠᠨ ᠯᠠ ᠪᠦᠬᠦᠨ ᠡᠴᠡ ᠳᠡᠭᠡᠭᠦᠷ ᠡᠷᠭᠦᠮᠵᠢᠯᠡᠵᠦ 38 ᠲᠡᠳᠡᠭᠡᠷ ᠦᠨ ᠣᠷᠣᠨ ᠳᠤ ᠴᠠᠢᠵᠠ ᠨᠤᠭᠤᠳ ᠤᠨ ᠪᠤᠷᠬᠠᠨ ᠢ ᠬᠦᠨᠳᠦᠯᠡᠨ᠎ᠡ᠂ ᠡᠴᠢᠭᠡ ᠡᠪᠦᠭᠡᠳ ᠦᠨ ᠢᠶᠠᠨ ᠮᠡᠳᠡᠳᠡᠭ ᠦᠭᠡᠢ ᠪᠠᠢᠭᠰᠠᠨ ᠪᠤᠷᠬᠠᠨ ᠳᠤ ᠠᠯᠲᠠ᠂ ᠮᠥᠩᠭᠥ᠂ ᠦᠨᠡᠲᠦ ᠴᠢᠯᠠᠭᠤ ᠪᠣᠯᠣᠨ ᠡᠷᠳᠡᠨᠢᠰ ᠢ ᠵᠣᠷᠢᠭᠤᠯᠤᠨ ᠲᠡᠳᠡᠭᠡᠷ ᠢ ᠬᠦᠨᠳᠦᠯᠡᠨ᠎ᠡ᠃ 39 ᠲᠡᠷᠡ ᠪᠡᠷ ᠡᠨᠡ ᠬᠠᠷᠢ ᠶᠢᠨ ᠪᠤᠷᠬᠠᠨ ᠲᠠᠢ ᠬᠠᠮᠲᠤ ᠪᠠᠲᠤ ᠴᠠᠢᠵᠠ ᠨᠤᠭᠤᠳ ᠢ ᠳᠣᠪᠲᠣᠯᠣᠨ᠎ᠠ᠃ ᠨᠥᠭᠥᠭᠡ ᠪᠤᠷᠬᠠᠨ ᠢ ᠬᠦᠯᠢᠶᠡᠨ ᠵᠥᠪᠰᠢᠶᠡᠷᠡᠭᠴᠢ ᠳᠤ ᠲᠡᠷᠡ ᠢᠯᠡᠭᠦᠦ ᠠᠯᠳᠠᠷ ᠬᠦᠨᠳᠦ ᠣᠯᠭᠣᠵᠤ᠂ ᠲᠡᠳᠡᠨ ᠢᠶᠡᠷ ᠣᠯᠠᠨ ᠢ ᠵᠠᠬᠢᠷᠤᠭᠤᠯᠵᠤ᠂ ᠲᠡᠳᠡᠨ ᠳᠦ ᠱᠠᠩᠨᠠᠯ ᠪᠣᠯᠭᠠᠨ ᠭᠠᠵᠠᠷ ᠬᠤᠪᠢᠶᠠᠵᠤ ᠥᠭᠭᠥᠨ᠎ᠡ᠃
 ᠡᠴᠦᠰ ᠦᠨ ᠴᠠᠭ ᠦᠶ᠎ᠡ

40 ᠡᠮᠦᠨ᠎ᠡ ᠵᠦᠭ ᠦᠨ ᠬᠠᠭᠠᠨ ᠤᠮᠠᠷ᠎ᠠ ᠵᠦᠭ ᠦᠨ ᠬᠠᠭᠠᠨ ᠢ ᠡᠴᠦᠰ ᠦᠨ ᠦᠶ᠎ᠡ ᠳᠦᠨᠢ ᠳᠣᠪᠲᠣᠯᠣᠨ᠎ᠠ᠃ ᠲᠡᠭᠡᠪᠡᠯ ᠤᠮᠠᠷ᠎ᠠ ᠵᠦᠭ ᠦᠨ ᠬᠠᠭᠠᠨ ᠲᠡᠷᠭᠡᠲᠦ ᠴᠡᠷᠢᠭ᠂ ᠮᠣᠷᠢᠲᠤ ᠴᠡᠷᠢᠭ ᠪᠣᠯᠣᠨ ᠣᠯᠠᠨ ᠬᠥᠯᠭᠡ ᠣᠩ᠋ᠭᠣᠴᠠ ᠪᠠᠷ ᠰᠢᠭᠤᠷᠭ᠎ᠠ ᠮᠡᠲᠦ ᠲᠡᠭᠦᠨ ᠤᠷᠤᠭᠤ ᠳᠠᠭᠠᠷᠢᠨ᠎ᠠ᠃ ᠲᠡᠷᠡ ᠪᠡᠷ ᠦᠶᠡᠷ ᠮᠡᠲᠦ ᠣᠯᠠᠨ ᠭᠦᠷᠦᠨ ᠢᠶᠡᠷ ᠳᠠᠭᠠᠷᠢᠨ ᠥᠩᠭᠡᠷᠡᠬᠦ ᠪᠥᠭᠡᠳ 41 ᠵᠢᠪᠬᠤᠯᠠᠩᠲᠤ ᠣᠷᠣᠨ ᠳᠤ ᠣᠷᠣᠨ᠎ᠠ᠃ ᠣᠯᠠᠨ ᠨᠢ ᠰᠥᠨᠥᠬᠦ ᠪᠣᠯᠪᠠᠴᠤ ᠡᠳᠣᠮ᠂ ᠮᠣᠶᠠᠪ ᠬᠢᠭᠡᠳ ᠠᠮᠣᠨᠴᠤᠳ ᠤᠨ ᠲᠣᠯᠣᠭᠠᠢᠯᠠᠭᠴᠢᠳ ᠲᠡᠭᠦᠨ ᠦ ᠭᠠᠷ ᠠᠴᠠ ᠮᠤᠯᠲᠤᠷᠠᠨ᠎ᠠ᠃ 42 ᠲᠡᠷᠡ ᠪᠡᠷ ᠪᠤᠰᠤᠳ ᠭᠦᠷᠦᠨ ᠤᠷᠤᠭᠤ ᠭᠠᠷ ᠢᠶᠠᠨ ᠰᠤᠩ᠋ᠭᠠᠬᠤ ᠳᠤ᠂ ᠶᠧᠵᠢᠫᠲ ᠴᠤ ᠲᠡᠭᠦᠨ ᠦ ᠭᠠᠷ ᠠᠴᠠ ᠡᠰᠡ ᠮᠤᠯᠲᠤᠷᠠᠨ᠎ᠠ᠂ 43 ᠲᠡᠷᠡ ᠪᠡᠷ ᠶᠧᠵᠢᠫᠲ ᠤᠨ ᠨᠢᠭᠤᠭᠳᠠᠭᠰᠠᠨ ᠠᠯᠲᠠ᠂ ᠮᠥᠩᠭᠥ ᠵᠡᠷᠭᠡ ᠠᠯᠢᠪᠠ ᠡᠷᠳᠡᠨᠢᠰ ᠢ ᠡᠵᠡᠮᠰᠢᠬᠦ ᠪᠥᠭᠡᠳ ᠯᠢᠪᠢᠶᠠᠴᠤᠳ ᠪᠠ ᠺᠦᠱᠴᠦᠳ ᠲᠡᠭᠦᠨ ᠳᠦ ᠵᠠᠬᠢᠷᠤᠭᠳᠠᠨ᠎ᠠ᠃ 44 ᠬᠠᠷᠢᠨ ᠳᠣᠷᠣᠨᠠᠲᠤ ᠬᠢᠭᠡᠳ ᠤᠮᠠᠷᠠᠲᠤ ᠠᠴᠠ ᠢᠷᠡᠭᠰᠡᠨ ᠴᠢᠮᠡᠭᠡ ᠲᠡᠭᠦᠨ ᠢ ᠰᠠᠨᠳᠤᠷᠭᠠᠨ᠎ᠠ᠂ ᠲᠡᠷᠡ ᠶᠡᠬᠡ ᠠᠭᠤᠷ ᠲᠠᠢ ᠪᠠᠷ ᠣᠯᠠᠨ ᠢ ᠬᠥᠨᠥᠭᠡᠵᠦ ᠤᠰᠠᠳᠬᠠᠬᠤ ᠪᠠᠷ ᠭᠠᠷᠤᠨ᠎ᠠ᠃ 45 ᠲᠡᠷᠡ ᠪᠡᠷ ᠬᠣᠶᠠᠷ ᠲᠠᠩᠭᠢᠰ ᠤᠨ ᠬᠣᠭᠣᠷᠣᠨᠳᠣ ᠵᠢᠪᠬᠤᠯᠠᠩᠲᠤ ᠠᠷᠢᠭᠤᠨ ᠠᠭᠤᠯᠠᠨ ᠳᠡᠭᠡᠷ᠎ᠡ ᠥᠪᠡᠷ ᠦᠨ ᠢᠶᠠᠨ ᠣᠷᠳᠣᠨ ᠮᠡᠲᠦ ᠴᠠᠴᠠᠷ ᠢ ᠪᠣᠰᠬᠠᠬᠤ ᠪᠣᠯᠪᠠᠴᠤ ᠥᠪᠡᠷ ᠦᠨ ᠬᠢᠨᠢ ᠲᠡᠭᠦᠰᠬᠡᠯ ᠢᠷᠡᠨ᠎ᠡ᠂ ᠲᠤᠰᠠᠯᠠᠬᠤ ᠬᠥᠮᠦᠨ ᠪᠠᠢᠬᠤ ᠦᠭᠡᠢ ᠪᠣᠯᠣᠨ᠎ᠠ᠃