1 2 3 4 5 6 7 8 9 10 11 12


ᠳ᠋ᠠᠨᠢᠶᠧᠯ ᠭᠤᠷᠪᠠ
 ᠭᠠᠯ ᠳᠤ ᠰᠢᠳᠡᠭᠳᠡᠭᠰᠡᠨ ᠭᠤᠷᠪᠠ

1 ᠨᠧᠪᠦ᠋ᠺᠠᠨᠧᠽᠠᠷ ᠬᠠᠭᠠᠨ ᠵᠢᠷᠠᠨ ᠲᠣᠬᠣᠢ ᠥᠨᠳᠥᠷ᠂ ᠵᠢᠷᠭᠤᠭᠠᠨ ᠲᠣᠬᠣᠢ ᠥᠷᠭᠡᠨ ᠠᠯᠲᠠᠨ ᠱᠤᠭᠤᠮᠠᠯ ᠪᠦᠲᠦᠭᠡᠵᠦ᠂ ᠲᠡᠭᠦᠨ ᠢ ᠪᠠᠪᠢᠯᠣᠨ ᠤ ᠮᠤᠵᠢ ᠶᠢᠨ ᠳ᠋ᠦᠷᠠ ᠶᠢᠨ ᠲᠠᠯ᠎ᠠ ᠳᠤ ᠪᠣᠰᠬᠠᠪᠠ᠃ 2 ᠨᠧᠪᠦ᠋ᠺᠠᠨᠧᠽᠠᠷ ᠬᠠᠭᠠᠨ ᠱᠤᠭᠤᠮᠠᠯ ᠪᠣᠰᠬᠠᠭᠰᠠᠨ ᠶᠣᠰᠣᠯᠠᠯ ᠳᠤ ᠣᠷᠣᠯᠴᠠᠭᠤᠯᠬᠤ ᠪᠠᠷ ᠠᠬᠠᠯᠠᠭᠴᠢᠳ᠂ ᠨᠣᠶᠠᠳ᠂ ᠵᠠᠬᠢᠷᠤᠭᠴᠢᠳ᠂ ᠵᠥᠪᠯᠡᠭᠴᠢᠳ᠂ ᠨᠢᠷᠪᠠ ᠨᠠᠷ᠂ ᠰᠢᠭᠦᠭᠴᠢᠳ᠂ ᠬᠠᠤᠯᠢᠴᠢᠳ ᠪᠣᠯᠣᠨ ᠮᠤᠵᠢ ᠶᠢᠨ ᠪᠦᠬᠦ ᠲᠦᠰᠢᠮᠡᠯ ᠳᠦ ᠬᠡᠯᠡ ᠢᠯᠡᠭᠡᠵᠡᠢ᠃ 3 ᠢᠩᠭᠢᠭᠡᠳ ᠠᠬᠠᠯᠠᠭᠴᠢᠳ᠂ ᠨᠣᠶᠠᠳ᠂ ᠵᠠᠬᠢᠷᠤᠭᠴᠢᠳ᠂ ᠵᠥᠪᠯᠡᠭᠴᠢᠳ᠂ ᠨᠢᠷᠪᠠ ᠨᠠᠷ᠂ ᠰᠢᠭᠦᠭᠴᠢᠳ᠂ ᠬᠠᠤᠯᠢᠴᠢᠳ ᠪᠣᠯᠣᠨ ᠮᠤᠵᠢ ᠶᠢᠨ ᠪᠦᠬᠦ ᠲᠦᠰᠢᠮᠡᠯ ᠨᠧᠪᠦ᠋ᠺᠠᠨᠧᠽᠠᠷ ᠬᠠᠭᠠᠨ ᠤ ᠱᠤᠭᠤᠮᠠᠯ ᠪᠣᠰᠬᠠᠭᠰᠠᠨ ᠶᠣᠰᠣᠯᠠᠯ ᠳᠤ ᠴᠤᠭᠯᠠᠷᠠᠭᠠᠳ᠂ ᠨᠧᠪᠦ᠋ᠺᠠᠨᠧᠽᠠᠷ ᠤᠨ ᠪᠣᠰᠬᠠᠭᠰᠠᠨ ᠱᠤᠭᠤᠮᠠᠯ ᠤᠨ ᠡᠮᠦᠨ᠎ᠡ ᠵᠣᠭᠰᠣᠵᠠᠭᠠᠪᠠ᠃ 4 ᠲᠤᠩ᠋ᠬᠠᠭᠯᠠᠭᠴᠢ ᠥᠨᠳᠥᠷ ᠳᠠᠭᠤ ᠪᠠᠷ ᠲᠤᠩ᠋ᠬᠠᠭᠯᠠᠨ᠄ 《ᠤᠯᠤᠰ ᠦᠨᠳᠦᠰᠦᠲᠡᠨ ᠨᠦᠭᠦᠳ᠂ ᠬᠡᠯᠡᠲᠡᠨ ᠨᠦᠭᠦᠳ ᠡ᠂ ᠲᠠ ᠨᠠᠷ ᠲᠤ ᠵᠠᠷᠯᠢᠭ ᠪᠠᠭᠤᠯᠭᠠᠵᠤ ᠪᠠᠢᠨ᠎ᠠ᠃ 5 ᠲᠠ ᠨᠠᠷ ᠪᠦᠷᠢᠶ᠎ᠡ᠂ ᠯᠢᠩᠪᠦ᠂ ᠶᠠᠲᠤᠭ᠎ᠠ᠂ ᠬᠤᠭᠤᠷ᠂ ᠪᠣᠰᠣᠭ᠎ᠠ ᠶᠠᠲᠤᠭ᠎ᠠ᠂ ᠪᠥᠮᠪᠥᠷ ᠵᠡᠷᠭᠡ ᠲᠥᠷᠥᠯ ᠪᠦᠷᠢ ᠶᠢᠨ ᠬᠥᠭᠵᠢᠮ ᠤᠨ ᠳᠠᠭᠤ ᠶᠢ ᠰᠣᠨᠣᠰᠣᠮᠠᠭᠴᠠ ᠰᠥᠭᠥᠳᠴᠦ᠂ ᠨᠧᠪᠦ᠋ᠺᠠᠨᠧᠽᠠᠷ ᠬᠠᠭᠠᠨ ᠤ ᠪᠣᠰᠬᠠᠭᠰᠠᠨ ᠠᠯᠲᠠᠨ ᠱᠤᠭᠤᠮᠠᠯ ᠳᠤ ᠮᠥᠷᠭᠥᠭᠲᠦᠨ᠃ 6 ᠬᠡᠨ ᠬᠡᠷᠪᠡ ᠰᠥᠭᠥᠳᠴᠦ ᠮᠥᠷᠭᠥᠬᠦ ᠦᠭᠡᠢ ᠪᠣᠯ᠂ ᠲᠡᠷᠡ ᠳᠠᠷᠤᠢ ᠳᠦᠷᠡᠯᠵᠡᠭᠰᠡᠨ ᠭᠠᠯ ᠲᠠᠢ ᠵᠤᠤᠬᠠᠨ ᠳᠤ ᠬᠠᠶᠠᠭᠳᠠᠬᠤ ᠪᠣᠯᠣᠨ᠎ᠠ》 ᠭᠡᠪᠡ᠃ 7 ᠲᠡᠢᠨ ᠬᠦ ᠪᠦᠷᠢᠶ᠎ᠡ᠂ ᠯᠢᠩᠪᠦ᠂ ᠶᠠᠲᠤᠭ᠎ᠠ᠂ ᠬᠤᠭᠤᠷ᠂ ᠪᠣᠰᠣᠭ᠎ᠠ ᠶᠠᠲᠤᠭ᠎ᠠ᠂ ᠪᠥᠮᠪᠥᠷ ᠵᠡᠷᠭᠡ ᠲᠥᠷᠥᠯ ᠪᠦᠷᠢ ᠶᠢᠨ ᠬᠥᠭᠵᠢᠮ ᠤᠨ ᠳᠠᠭᠤ ᠶᠢ ᠰᠣᠨᠣᠰᠣᠮᠠᠭᠴᠠ᠂ ᠪᠦᠬᠦ ᠤᠯᠤᠰ ᠦᠨᠳᠦᠰᠦᠲᠡᠨ᠂ ᠬᠡᠯᠡᠲᠡᠨ ᠰᠥᠭᠥᠳᠴᠦ᠂ ᠨᠧᠪᠦ᠋ᠺᠠᠨᠧᠽᠠᠷ ᠬᠠᠭᠠᠨ ᠤ ᠪᠣᠰᠬᠠᠭᠰᠠᠨ ᠠᠯᠲᠠᠨ ᠱᠤᠭᠤᠮᠠᠯ ᠳᠤ ᠮᠥᠷᠭᠥᠪᠡ᠃

8 ᠲᠡᠷᠡ ᠦᠶ᠎ᠡ ᠳᠦ ᠬᠡᠰᠡᠭ ᠮᠡᠷᠭᠡᠳ ᠢᠷᠡᠵᠦ᠂ ᠶᠦᠳᠠᠢᠴᠤᠳ ᠤᠨ ᠲᠤᠬᠠᠢ ᠬᠣᠪᠯᠠᠪᠠ᠃ 9 ᠲᠡᠳᠡ ᠨᠧᠪᠦ᠋ᠺᠠᠨᠧᠽᠠᠷ ᠬᠠᠭᠠᠨ ᠳᠤ᠄ 《ᠬᠠᠭᠠᠨᠲᠠᠨ ᠮᠥᠩᠬᠡ ᠨᠠᠰᠤᠯᠠᠲᠤᠭᠠᠢ︕ 10 ᠬᠠᠭᠠᠨᠲᠠᠨ ᠲᠠ ᠵᠠᠷᠯᠢᠭ ᠭᠠᠷᠭᠠᠨ 〈ᠪᠦᠷᠢᠶ᠎ᠡ᠂ ᠯᠢᠩᠪᠦ᠂ ᠶᠠᠲᠤᠭ᠎ᠠ᠂ ᠬᠤᠭᠤᠷ᠂ ᠪᠣᠰᠣᠭ᠎ᠠ ᠶᠠᠲᠤᠭ᠎ᠠ᠂ ᠪᠥᠮᠪᠥᠷ ᠵᠡᠷᠭᠡ ᠲᠥᠷᠥᠯ ᠪᠦᠷᠢ ᠶᠢᠨ ᠬᠥᠭᠵᠢᠮ ᠤᠨ ᠳᠠᠭᠤ ᠶᠢ ᠰᠣᠨᠣᠰᠣᠮᠠᠭᠴᠠ ᠬᠥᠮᠦᠨ ᠪᠦᠬᠦᠨ ᠰᠥᠭᠥᠳᠴᠦ᠂ ᠠᠯᠲᠠᠨ ᠱᠤᠭᠤᠮᠠᠯ ᠳᠤ ᠮᠥᠷᠭᠥᠭᠲᠦᠨ᠂ 11 ᠬᠡᠨ ᠬᠡᠷᠪᠡ ᠰᠥᠭᠥᠳᠴᠦ ᠮᠥᠷᠭᠥᠬᠦ ᠦᠭᠡᠢ ᠪᠣᠯ᠂ ᠳᠦᠷᠡᠯᠵᠡᠭᠰᠡᠨ ᠭᠠᠯ ᠲᠠᠢ ᠵᠤᠤᠬᠠᠨ ᠳᠤ ᠬᠠᠶᠠᠭᠳᠠᠬᠤ ᠪᠣᠯᠣᠨ᠎ᠠ〉 ᠭᠡᠰᠡᠨ ᠪᠢᠯᠡ᠃ 12 ᠬᠠᠷᠢᠨ ᠲᠠᠨ ᠤ ᠬᠢ ᠶᠢ ᠦᠯᠦ ᠲᠣᠭᠣᠮᠰᠠᠷᠯᠠᠳᠠᠭ ᠬᠡᠰᠡᠭ ᠶᠦᠳᠠᠢᠴᠤᠳ ᠪᠤᠢ᠂ ᠲᠡᠳᠡ ᠪᠣᠯ ᠪᠠᠪᠢᠯᠣᠨ ᠤ ᠮᠤᠵᠢ ᠶᠢᠨ ᠵᠠᠬᠢᠷᠭ᠎ᠠ ᠶᠢ ᠬᠠᠷᠢᠭᠤᠴᠠᠭᠤᠯᠬᠤ ᠪᠠᠷ ᠲᠠᠨ ᠤ ᠲᠣᠮᠢᠯᠠᠭᠰᠠᠨ ᠱᠠᠳ᠋ᠷᠠᠺ᠂ ᠮᠧᠱᠠᠺ᠂ ᠠᠪᠧᠳ᠋ ᠨᠧᠭᠣ᠋ ᠶᠤᠮ᠃ ᠲᠡᠳᠡ ᠲᠠᠨ ᠤ ᠪᠤᠷᠬᠠᠳ ᠲᠤ ᠦᠢᠯᠡᠴᠢᠯᠡᠳᠡᠭ᠌ ᠦᠭᠡᠢ᠂ ᠲᠠᠨ ᠤ ᠪᠣᠰᠬᠠᠭᠰᠠᠨ ᠠᠯᠲᠠᠨ ᠱᠤᠭᠤᠮᠠᠯ ᠳᠤ ᠴᠤ ᠮᠥᠷᠭᠥᠳᠡᠭ ᠦᠭᠡᠢ》 ᠭᠡᠪᠡ᠃

13 ᠨᠧᠪᠦ᠋ᠺᠠᠨᠧᠽᠠᠷ ᠬᠠᠭᠠᠨ ᠠᠭᠤᠷᠯᠠᠨ ᠬᠢᠯᠢᠩᠨᠡᠵᠦ᠂ ᠱᠠᠳ᠋ᠷᠠᠺ᠂ ᠮᠧᠱᠠᠺ᠂ ᠠᠪᠧᠳ᠋ ᠨᠧᠭᠣ᠋ ᠶᠢ ᠠᠪᠴᠢᠷᠠᠭᠤᠯᠬᠤ ᠪᠠᠷ ᠲᠤᠰᠢᠶᠠᠪᠠ᠂ ᠲᠡᠳᠡᠨ ᠢ ᠬᠠᠭᠠᠨ ᠤ ᠡᠮᠦᠨ᠎ᠡ ᠠᠪᠴᠢᠷᠠᠬᠤ ᠳᠤ᠂ 14 ᠨᠧᠪᠦ᠋ᠺᠠᠨᠧᠽᠠᠷ᠄ 《ᠱᠠᠳ᠋ᠷᠠᠺ᠂ ᠮᠧᠱᠠᠺ᠂ ᠠᠪᠧᠳ᠋ ᠨᠧᠭᠣ᠋ ᠡ᠂ ᠲᠠ ᠨᠠᠷ ᠮᠢᠨᠦ ᠪᠤᠷᠬᠠᠳ ᠲᠤ ᠦᠢᠯᠡᠴᠢᠯᠡᠳᠡᠭ᠌ ᠦᠭᠡᠢ᠂ ᠮᠢᠨᠦ ᠪᠣᠰᠬᠠᠭᠰᠠᠨ ᠠᠯᠲᠠᠨ ᠱᠤᠭᠤᠮᠠᠯ ᠳᠤ ᠮᠥᠷᠭᠥᠳᠡᠭ ᠦᠭᠡᠢ ᠭᠡᠳᠡᠭ ᠨᠢ ᠦᠨᠡᠨ ᠤᠤ︖ 15 ᠬᠡᠷᠪᠡ ᠲᠠ ᠨᠠᠷ ᠣᠳᠣ ᠪᠦᠷᠢᠶ᠎ᠡ᠂ ᠯᠢᠩᠪᠦ᠂ ᠶᠠᠲᠤᠭ᠎ᠠ᠂ ᠬᠤᠭᠤᠷ᠂ ᠪᠣᠰᠣᠭ᠎ᠠ ᠶᠠᠲᠤᠭ᠎ᠠ᠂ ᠪᠥᠮᠪᠥᠷ ᠵᠡᠷᠭᠡ ᠲᠥᠷᠥᠯ ᠪᠦᠷᠢ ᠶᠢᠨ ᠬᠥᠭᠵᠢᠮ ᠤᠨ ᠳᠠᠭᠤ ᠶᠢ ᠰᠣᠨᠣᠰᠣᠮᠠᠭᠴᠠ ᠪᠠᠨ ᠮᠢᠨᠦ ᠪᠦᠲᠦᠭᠡᠭᠰᠡᠨ ᠱᠤᠭᠤᠮᠠᠯ ᠳᠤ ᠮᠥᠷᠭᠥᠬᠦ ᠳᠦ ᠪᠡᠯᠡᠨ ᠪᠠᠢᠪᠠᠯ ᠵᠦᠭᠡᠷ᠃ ᠬᠠᠷᠢᠨ ᠮᠥᠷᠭᠥᠬᠦ ᠦᠭᠡᠢ ᠪᠣᠯ᠂ ᠲᠡᠷᠡ ᠳᠠᠷᠤᠢ ᠳᠦᠷᠡᠯᠵᠡᠭᠰᠡᠨ ᠭᠠᠯ ᠲᠠᠢ ᠵᠤᠤᠬᠠᠨ ᠳᠤ ᠬᠠᠶᠠᠭᠳᠠᠨ᠎ᠠ᠃ ᠶᠠᠮᠠᠷ ᠪᠤᠷᠬᠠᠨ ᠮᠢᠨᠦ ᠭᠠᠷ ᠠᠴᠠ ᠲᠠ ᠨᠠᠷ ᠢ ᠠᠪᠤᠷᠠᠵᠤ ᠴᠢᠳᠠᠬᠤ ᠪᠢᠯᠡ︖》 ᠭᠡᠪᠡ᠃

16 ᠱᠠᠳ᠋ᠷᠠᠺ᠂ ᠮᠧᠱᠠᠺ᠂ ᠠᠪᠧᠳ᠋ ᠨᠧᠭᠣ᠋ ᠨᠧᠪᠦ᠋ᠺᠠᠨᠧᠽᠠᠷ ᠬᠠᠭᠠᠨ ᠳᠤ ᠬᠠᠷᠢᠭᠤᠯᠤᠨ᠄ 《ᠡᠨᠡ ᠬᠡᠷᠡᠭ ᠦᠨ ᠲᠠᠯ᠎ᠠ ᠪᠠᠷ ᠪᠢᠳᠡ ᠬᠠᠷᠢᠭᠤᠯᠬᠤ ᠴᠢᠬᠤᠯᠠ ᠦᠭᠡᠢ᠃ 17 ᠪᠢᠳᠡ ᠳᠦᠷᠡᠯᠵᠡᠭᠰᠡᠨ ᠭᠠᠯ ᠲᠠᠢ ᠵᠤᠤᠬᠠᠨ ᠳᠤ ᠬᠠᠶᠠᠭᠳᠠᠭᠰᠠᠨ ᠴᠤ ᠪᠢᠳᠡᠨ ᠦ ᠦᠢᠯᠡᠴᠢᠯᠡᠳᠡᠭ᠌ ᠪᠤᠷᠬᠠᠨ ᠪᠢᠳᠡᠨ ᠢ ᠠᠪᠤᠷᠠᠵᠤ ᠴᠢᠳᠠᠨ᠎ᠠ᠂ ᠲᠡᠷᠡ ᠪᠡᠷ ᠬᠠᠭᠠᠨᠲᠠᠨ ᠲᠠᠨ ᠤ ᠭᠠᠷ ᠠᠴᠠ ᠪᠢᠳᠡᠨ ᠢ ᠠᠪᠤᠷᠠᠨ᠎ᠠ᠃ 18 ᠲᠡᠭᠡᠬᠦ ᠦᠭᠡᠢ ᠪᠠᠢᠭᠰᠠᠨ ᠴᠤ᠂ ᠬᠠᠭᠠᠨᠲᠠᠨ ᠮᠢᠨᠢ᠂ ᠪᠢᠳᠡ ᠲᠠᠨ ᠤ ᠪᠤᠷᠬᠠᠳ ᠲᠤ ᠦᠢᠯᠡᠴᠢᠯᠡᠬᠦ ᠦᠭᠡᠢ᠂ ᠮᠥᠨ ᠲᠠᠨ ᠤ ᠪᠣᠰᠬᠠᠭᠰᠠᠨ ᠠᠯᠲᠠᠨ ᠱᠤᠭᠤᠮᠠᠯ ᠳᠤ ᠮᠥᠷᠭᠥᠬᠦ ᠦᠭᠡᠢ ᠭᠡᠳᠡᠭ ᠢ ᠲᠠᠨ ᠳᠤ ᠮᠡᠳᠡᠭᠳᠡᠶ᠎ᠡ》 ᠭᠡᠪᠡ᠃

19 ᠨᠧᠪᠦ᠋ᠺᠠᠨᠧᠽᠠᠷ ᠪᠠᠭᠲᠠᠷᠠᠲᠠᠯ᠎ᠠ ᠠᠭᠤᠷᠯᠠᠵᠤ᠂ ᠱᠠᠳ᠋ᠷᠠᠺ᠂ ᠮᠧᠱᠠᠺ᠂ ᠠᠪᠧᠳ᠋ ᠨᠧᠭᠣ᠋ ᠳᠤ ᠴᠢᠷᠠᠢ ᠪᠠᠷᠤᠢᠵᠠᠢ᠃ ᠲᠡᠷᠡ ᠪᠡᠷ ᠵᠤᠤᠬ᠎ᠠ ᠶᠢ ᠡᠩ ᠦᠨ ᠦᠶ᠎ᠡ ᠶᠢᠨ ᠬᠠᠯᠠᠭᠠᠳᠠᠭ ᠠᠴᠠ ᠳᠣᠯᠣᠭᠠᠨ ᠳᠠᠬᠢᠨ ᠬᠦᠴᠦᠲᠡᠢ ᠬᠠᠯᠠᠭᠠᠬᠤ ᠶᠢ ᠵᠠᠬᠢᠵᠤ᠂ 20 ᠴᠡᠷᠢᠭ ᠤᠨ ᠢᠶᠠᠨ ᠳᠣᠲᠣᠷᠠᠬᠢ ᠬᠡᠳᠦᠨ ᠬᠦᠴᠦᠲᠡᠢ ᠳᠠᠢᠴᠢᠨ ᠳᠤ ᠲᠤᠰᠢᠶᠠᠨ᠂ ᠱᠠᠳ᠋ᠷᠠᠺ᠂ ᠮᠧᠱᠠᠺ᠂ ᠠᠪᠧᠳ᠋ ᠨᠧᠭᠣ᠋ ᠶᠢ ᠬᠦᠯᠢᠭᠡᠳ ᠳᠦᠷᠡᠯᠵᠡᠭᠰᠡᠨ ᠭᠠᠯ ᠲᠠᠢ ᠵᠤᠤᠬᠠᠨ ᠳᠤ ᠬᠠᠶᠠ ᠭᠡᠪᠡ᠃ 21 ᠲᠡᠳᠡ ᠲᠡᠷᠡ ᠭᠤᠷᠪᠠ ᠶᠢ ᠳᠡᠪᠡᠯ᠂ ᠥᠮᠥᠳᠥ᠂ ᠲᠣᠯᠣᠭᠠᠢ ᠶᠢᠨ ᠣᠷᠢᠶᠠᠯᠲᠠ ᠵᠡᠷᠭᠡ ᠡᠮᠦᠰᠬᠡᠯ ᠲᠡᠢ ᠴᠢᠭ ᠢᠶᠠᠷ ᠨᠢ ᠬᠦᠯᠢᠵᠦ᠂ ᠳᠦᠷᠡᠯᠵᠡᠭᠰᠡᠨ ᠭᠠᠯ ᠲᠠᠢ ᠵᠤᠤᠬᠠᠨ ᠳᠤ ᠬᠠᠶᠠᠵᠠᠢ᠃ 22 ᠬᠠᠭᠠᠨ ᠤ ᠲᠤᠰᠢᠶᠠᠯ ᠶᠠᠭᠠᠷᠠᠯ ᠲᠠᠢ᠂ ᠵᠤᠤᠬ᠎ᠠ ᠬᠡᠲᠦᠷᠬᠡᠢ ᠬᠠᠯᠠᠭᠤᠨ ᠪᠣᠯᠬᠣᠷ ᠱᠠᠳ᠋ᠷᠠᠺ᠂ ᠮᠧᠱᠠᠺ᠂ ᠠᠪᠧᠳ᠋ ᠨᠧᠭᠣ᠋ ᠶᠢ ᠡᠷᠭᠦᠵᠦ ᠪᠠᠢᠭᠰᠠᠨ ᠡᠷᠡᠰ ᠭᠠᠯ ᠤᠨ ᠳᠥᠯᠥ ᠳᠤ ᠰᠢᠲᠠᠵᠤ ᠦᠬᠦᠪᠡ᠃ 23 ᠬᠠᠷᠢᠨ ᠱᠠᠳ᠋ᠷᠠᠺ᠂ ᠮᠧᠱᠠᠺ᠂ ᠠᠪᠧᠳ᠋ ᠨᠧᠭᠣ᠋ ᠭᠤᠷᠪᠠᠭᠤᠯᠠ ᠬᠦᠯᠢᠶᠡᠰᠦ ᠲᠠᠢ ᠴᠢᠭ ᠢᠶᠠᠷ ᠢᠶᠠᠨ ᠳᠦᠷᠡᠯᠵᠡᠭᠰᠡᠨ ᠭᠠᠯ ᠲᠠᠢ ᠵᠤᠤᠬ᠎ᠠ ᠤᠷᠤᠭᠤ ᠤᠨᠠᠭᠰᠠᠨ ᠠᠵᠢ᠃

24 ᠲᠡᠭᠡᠲᠡᠯ᠎ᠡ ᠨᠧᠪᠦ᠋ᠺᠠᠨᠧᠽᠠᠷ ᠬᠠᠭᠠᠨ ᠮᠡᠯ ᠭᠠᠢᠬᠠᠵᠤ᠂ ᠶᠠᠭᠠᠷᠠᠨ ᠪᠣᠰᠣᠭᠠᠳ ᠵᠥᠪᠯᠡᠭᠴᠢᠳ ᠲᠡᠭᠡᠨ᠄ 《ᠪᠢᠳᠡ ᠭᠤᠷᠪᠠᠨ ᠬᠥᠮᠦᠨ ᠢ ᠬᠦᠯᠢᠵᠦ᠂ ᠭᠠᠯ ᠤᠷᠤᠭᠤ ᠬᠠᠶᠠᠭᠰᠠᠨ ᠪᠢᠰᠢ ᠶᠤᠮ ᠤᠤ︖》 ᠭᠡᠰᠡᠨ ᠳᠦ᠂ ᠲᠡᠳᠡ ᠬᠠᠷᠢᠭᠤ ᠳᠤᠨᠢ᠄ 《ᠲᠡᠢᠮᠦ ᠡ᠂ ᠬᠠᠭᠠᠨᠲᠠᠨ ᠮᠢᠨᠢ》 ᠭᠡᠪᠡ᠃ 25 ᠬᠠᠭᠠᠨ᠄ 《ᠬᠠᠷᠠ︕ ᠪᠢ ᠭᠠᠯ ᠤᠨ ᠳᠤᠮᠳᠠ ᠬᠦᠯᠢᠶᠡᠰᠦ ᠦᠭᠡᠢ᠂ ᠭᠡᠮᠲᠦᠯ ᠦᠭᠡᠢ ᠶᠠᠪᠤᠭ᠎ᠠ ᠳᠥᠷᠪᠡᠨ ᠬᠥᠮᠦᠨ ᠢ ᠬᠠᠷᠠᠵᠤ ᠪᠠᠢᠨ᠎ᠠ᠃ ᠳᠥᠷᠪᠡᠳᠡᠬᠢ ᠨᠢ ᠪᠤᠷᠬᠠᠨ ᠤ ᠬᠦᠦ ᠶᠢᠨ ᠲᠥᠷᠬᠥ ᠲᠠᠢ ᠪᠠᠢᠨ᠎ᠠ》 ᠭᠡᠵᠡᠢ᠃ 26 ᠨᠧᠪᠦ᠋ᠺᠠᠨᠧᠽᠠᠷ ᠳᠦᠷᠡᠯᠵᠡᠭᠰᠡᠨ ᠭᠠᠯ ᠲᠠᠢ ᠵᠤᠤᠬᠠᠨ ᠤ ᠠᠮᠠᠨ ᠳᠤ ᠣᠢᠷᠠᠲᠤᠵᠤ ᠣᠴᠢᠭᠠᠳ᠄ 《ᠬᠠᠮᠤᠭ ᠤᠨ ᠳᠡᠭᠡᠳᠦ ᠪᠤᠷᠬᠠᠨ ᠤ ᠵᠠᠷᠤᠴᠠ ᠱᠠᠳ᠋ᠷᠠᠺ᠂ ᠮᠧᠱᠠᠺ᠂ ᠠᠪᠧᠳ᠋ ᠨᠧᠭᠣ᠋ ᠡ᠂ ᠭᠠᠷᠤᠭᠠᠳ ᠢᠷ᠎ᠡ》 ᠭᠡᠰᠡᠨ ᠳᠦ᠂ ᠱᠠᠳ᠋ᠷᠠᠺ᠂ ᠮᠧᠱᠠᠺ᠂ ᠠᠪᠧᠳ᠋ ᠨᠧᠭᠣ᠋ ᠭᠠᠯ ᠳᠤᠮᠳᠠ ᠠᠴᠠ ᠭᠠᠷᠴᠤ ᠢᠷᠡᠪᠡ᠃ 27 ᠠᠬᠠᠯᠠᠭᠴᠢᠳ᠂ ᠨᠣᠶᠠᠳ᠂ ᠵᠠᠬᠢᠷᠤᠭᠴᠢᠳ ᠪᠣᠯᠣᠨ ᠬᠠᠭᠠᠨ ᠤ ᠵᠥᠪᠯᠡᠭᠴᠢᠳ ᠪᠥᠭᠡᠮᠨᠡᠷᠡᠵᠦ ᠲᠡᠳᠡᠨ ᠢ ᠦᠵᠡᠬᠦ ᠳᠦ᠂ ᠪᠡᠶ᠎ᠡ ᠳᠦᠨᠢ ᠭᠠᠯ ᠠᠪᠤᠯᠴᠠᠭ᠎ᠠ ᠦᠭᠡᠢ᠂ ᠲᠣᠯᠣᠭᠠᠢ ᠶᠢᠨ ᠦᠰᠦ ᠨᠢ ᠬᠤᠢᠬᠠᠯᠠᠭᠳᠠᠭ᠎ᠠ ᠦᠭᠡᠢ᠂ ᠳᠡᠪᠡᠯ ᠨᠢ ᠲᠦᠯᠡᠭᠳᠡᠭᠡ ᠦᠭᠡᠢ ᠪᠥᠭᠡᠳ ᠲᠡᠳᠡᠨ ᠡᠴᠡ ᠲᠦᠯᠡᠩᠬᠡᠢ ᠦᠨᠦᠷ ᠴᠤ ᠭᠠᠷᠤᠭᠰᠠᠨ ᠦᠭᠡᠢ᠃ 28 ᠨᠧᠪᠦ᠋ᠺᠠᠨᠧᠽᠠᠷ᠄ 《ᠱᠠᠳ᠋ᠷᠠᠺ᠂ ᠮᠧᠱᠠᠺ᠂ ᠠᠪᠧᠳ᠋ ᠨᠧᠭᠣ᠋ ᠶᠢᠨ ᠪᠤᠷᠬᠠᠨ ᠮᠠᠭᠲᠠᠭᠳᠠᠬᠤ ᠪᠣᠯᠲᠤᠭᠠᠢ᠃ ᠲᠡᠷᠡ ᠪᠡᠷ ᠲᠩᠷᠢ ᠡᠯᠴᠢ ᠪᠠᠨ ᠢᠯᠡᠭᠡᠵᠦ᠂ ᠥᠪᠡᠷ ᠲᠤᠨᠢ ᠢᠲᠡᠭᠡᠳᠡᠭ ᠵᠠᠷᠤᠴᠠ ᠨᠠᠷ ᠢᠶᠠᠨ ᠠᠪᠤᠷᠠᠵᠠᠢ᠃ ᠲᠡᠳᠡ ᠬᠠᠭᠠᠨ ᠤ ᠲᠤᠰᠢᠶᠠᠯ ᠢ ᠵᠥᠷᠢᠴᠡᠵᠦ᠂ ᠠᠮᠢ ᠪᠠᠨ ᠥᠭᠬᠦ ᠬᠦᠷᠲᠡᠯ᠎ᠡ ᠪᠡᠨ ᠥᠪᠡᠷᠰᠡᠳ ᠦᠨ ᠢᠶᠠᠨ ᠪᠤᠷᠬᠠᠨ ᠠᠴᠠ ᠭᠠᠳᠠᠨ᠎ᠠ ᠥᠭᠡᠷ᠎ᠡ ᠶᠠᠮᠠᠷ ᠴᠤ ᠪᠤᠷᠬᠠᠨ ᠳᠤ ᠦᠢᠯᠡᠴᠢᠯᠡᠬᠦ ᠦᠭᠡᠢ᠂ ᠮᠥᠷᠭᠥᠬᠦ ᠦᠭᠡᠢ ᠭᠡᠰᠡᠨ ᠪᠢᠯᠡ᠃ 29 ᠲᠡᠢᠮᠦ ᠡᠴᠡ ᠪᠢ ᠵᠠᠷᠯᠢᠭ ᠭᠠᠷᠠᠭᠠᠶ᠎ᠠ᠂ ᠠᠯᠢᠪᠠ ᠤᠯᠤᠰ ᠦᠨᠳᠦᠰᠦᠲᠡᠨ᠂ ᠬᠡᠯᠡᠲᠡᠨ ᠨᠦᠭᠦᠳ ᠦᠨ ᠳᠣᠲᠣᠷ᠎ᠠ ᠠᠴᠠ ᠱᠠᠳ᠋ᠷᠠᠺ᠂ ᠮᠧᠱᠠᠺ᠂ ᠠᠪᠧᠳ᠋ ᠨᠧᠭᠣ᠋ ᠶᠢᠨ ᠪᠤᠷᠬᠠᠨ ᠢ ᠮᠠᠭᠤᠯᠠᠬᠤ ᠨᠢᠭᠡᠨ ᠨᠢ ᠮᠥᠴᠢ ᠮᠥᠴᠢ ᠪᠠᠷ ᠢᠶᠠᠨ ᠲᠠᠰᠤᠳᠠᠭᠳᠠᠨ᠂ ᠭᠡᠷ ᠨᠢ ᠦᠨᠡᠰᠦᠨ ᠲᠣᠪᠷᠠᠭ ᠪᠣᠯᠣᠨ᠎ᠠ᠃ ᠦᠨᠡᠬᠡᠷ ᠢᠩᠭᠢᠵᠦ ᠠᠪᠤᠷᠠᠵᠤ ᠴᠢᠳᠠᠬᠤ ᠥᠭᠡᠷ᠎ᠡ ᠪᠤᠷᠬᠠᠨ ᠪᠠᠢᠬᠤ ᠦᠭᠡᠢ》 ᠭᠡᠪᠡ᠃ 30 ᠲᠡᠭᠡᠭᠡᠳ ᠬᠠᠭᠠᠨ ᠱᠠᠳ᠋ᠷᠠᠺ᠂ ᠮᠧᠱᠠᠺ᠂ ᠠᠪᠧᠳ᠋ ᠨᠧᠭᠣ᠋ ᠶᠢ ᠪᠠᠪᠢᠯᠣᠨ ᠤ ᠮᠤᠵᠢ ᠳᠤ ᠡᠷᠭᠦᠮᠵᠢᠯᠡᠭᠰᠡᠨ ᠪᠠᠢᠨ᠎ᠠ᠃