ᠳ᠋ᠠᠨᠢᠶᠧᠯ ᠨᠠᠢ᠌ᠮᠠ
ᠬᠤᠴᠠ ᠬᠢᠭᠡᠳ ᠤᠬᠤᠨ᠎ᠠ ᠶᠢᠨ ᠲᠤᠬᠠᠢ ᠦᠵᠡᠭᠳᠡᠯ
1 ᠠᠩ᠋ᠬᠠᠨ ᠤ ᠦᠵᠡᠭᠳᠡᠯ ᠦᠵᠡᠭᠳᠡᠭᠰᠡᠨ ᠡᠴᠡ ᠬᠣᠢᠰᠢ᠂ ᠪᠧᠯᠱᠠᠽᠠᠷ ᠬᠠᠭᠠᠨ ᠤ ᠭᠤᠷᠪᠠᠳᠤᠭᠠᠷ ᠣᠨ ᠳᠤ᠂ ᠳ᠋ᠠᠨᠢᠶᠧᠯ ᠨᠠᠳᠠ ᠳᠤ ᠳᠠᠬᠢᠨ ᠨᠢᠭᠡᠨ ᠦᠵᠡᠭᠳᠡᠯ ᠦᠵᠡᠭᠳᠡᠪᠡ᠃ 2 ᠦᠵᠡᠭᠳᠡᠯ ᠳᠦ ᠦᠵᠡᠬᠦ ᠳᠦ᠂ ᠪᠢ ᠡᠯᠠᠮ ᠮᠤᠵᠢ ᠶᠢᠨ ᠰᠦᠰᠠ ᠰᠢᠯᠲᠦᠭᠡᠨ ᠳᠦ ᠪᠠᠢᠭᠰᠠᠨ᠃ ᠦᠵᠡᠭᠳᠡᠯ ᠦᠨ ᠳᠣᠲᠣᠷ᠎ᠠ ᠪᠢ ᠦᠯᠠᠢ ᠭᠣᠣᠯ ᠤᠨ ᠡᠷᠭᠢ ᠳᠤ ᠪᠠᠢᠪᠠ᠃ 3 ᠪᠢ ᠨᠢᠳᠦ ᠪᠡᠨ ᠡᠷᠭᠦᠨ ᠬᠠᠷᠠᠬᠤ ᠳᠤ᠂ ᠭᠣᠣᠯ ᠤᠨ ᠡᠷᠭᠢ ᠳᠡᠭᠡᠷ᠎ᠡ ᠬᠣᠶᠠᠷ ᠡᠪᠡᠷ ᠲᠡᠢ ᠬᠤᠴᠠ ᠵᠣᠭᠰᠣᠵᠤ ᠪᠠᠢᠪᠠ᠃ ᠬᠣᠶᠠᠷ ᠡᠪᠡᠷ ᠨᠢ ᠪᠦᠷ ᠤᠷᠲᠤ ᠪᠥᠭᠡᠳ ᠰᠡᠭᠦᠯ ᠳᠦ ᠤᠷᠭᠤᠭᠰᠠᠨ ᠨᠢᠭᠡ ᠨᠢ ᠨᠥᠭᠥᠭᠡ ᠡᠴᠡ ᠪᠡᠨ ᠢᠯᠡᠭᠦᠦ ᠤᠷᠲᠤ ᠪᠠᠢᠯ᠎ᠠ᠃ 4 ᠪᠢ ᠬᠠᠷᠠᠬᠤ ᠳᠤ᠂ ᠲᠡᠷᠡ ᠬᠤᠴᠠ ᠪᠠᠷᠠᠭᠤᠨᠰᠢ᠂ ᠬᠣᠢᠰᠢ᠂ ᠡᠮᠦᠨᠡᠰᠢ ᠬᠠᠨᠳᠤᠨ ᠮᠥᠷᠭᠥᠵᠦ ᠪᠠᠢᠯ᠎ᠠ᠂ ᠲᠡᠭᠦᠨ ᠢ ᠳᠡᠢᠯᠬᠦ ᠥᠭᠡᠷ᠎ᠡ ᠠᠮᠢᠲᠠᠨ ᠠᠯᠠᠭ᠎ᠠ᠂ ᠮᠥᠨ ᠲᠡᠭᠦᠨ ᠦ ᠬᠦᠴᠦᠨ ᠡᠴᠡ ᠬᠡᠨ ᠴᠤ ᠠᠪᠤᠷᠠᠵᠤ ᠴᠢᠳᠠᠬᠤ ᠦᠭᠡᠢ᠂ ᠲᠡᠷᠡ ᠬᠦᠰᠡᠭᠰᠡᠨ ᠢᠶᠡᠷ ᠢᠶᠠᠨ ᠬᠢᠵᠦ᠂ ᠥᠪᠡᠷ ᠢ ᠪᠠᠨ ᠬᠦᠴᠦᠷᠬᠡᠭᠵᠢᠭᠦᠯᠪᠡ᠃
5 ᠬᠠᠷ᠎ᠠ᠂ ᠪᠢ ᠡᠭᠦᠨ ᠢ ᠪᠣᠳᠣᠵᠤ ᠪᠠᠢᠲᠠᠯ᠎ᠠ ᠨᠢᠭᠡᠨ ᠤᠬᠤᠨ᠎ᠠ ᠬᠥᠯ ᠨᠢ ᠭᠠᠵᠠᠷ ᠬᠦᠷᠦᠯ ᠦᠭᠡᠢ ᠭᠠᠵᠠᠷ ᠳᠡᠯᠡᠬᠡᠢ ᠪᠠᠷ ᠲᠣᠭᠣᠷᠢᠨ ᠪᠠᠷᠠᠭᠤᠨ ᠵᠦᠭ ᠡᠴᠡ ᠢᠷᠡᠪᠡ᠃ ᠨᠢᠳᠦᠨ ᠦ ᠬᠢᠨᠢ ᠬᠣᠭᠣᠷᠣᠨᠳᠣ ᠨᠢᠭᠡ ᠣᠨᠴᠠᠭᠠᠢ ᠡᠪᠡᠷ ᠪᠠᠢᠪᠠ᠃ 6 ᠲᠡᠷᠡ ᠮᠢᠨᠦ ᠬᠠᠷᠠᠭᠰᠠᠨ᠂ ᠭᠣᠣᠯ ᠤᠨ ᠡᠷᠭᠢ ᠳᠡᠭᠡᠷ᠎ᠡ ᠵᠣᠭᠰᠣᠵᠤ ᠪᠠᠢᠭᠰᠠᠨ ᠬᠣᠶᠠᠷ ᠡᠪᠡᠷ ᠲᠡᠢ ᠨᠥᠭᠥᠭᠡ ᠬᠤᠴᠠ ᠤᠷᠤᠭᠤ ᠢᠷᠡᠭᠰᠡᠨ ᠢᠶᠡᠨ ᠠᠭᠤᠷ ᠲᠠᠢ ᠪᠠᠷ ᠬᠦᠴᠦᠲᠡᠢ ᠳᠠᠭᠠᠷᠢᠪᠠ᠃ 7 ᠪᠢ ᠦᠵᠡᠬᠦ ᠳᠦ᠂ ᠲᠡᠷᠡ ᠨᠥᠭᠥᠭᠡ ᠬᠤᠴᠠᠨ ᠳᠤ ᠳᠥᠭᠥᠨ ᠣᠴᠢᠵᠤ᠂ ᠠᠭᠤᠷ ᠲᠠᠢ ᠪᠠᠷ ᠲᠡᠭᠦᠨ ᠢ ᠮᠥᠷᠭᠥᠨ᠂ ᠬᠣᠶᠠᠷ ᠡᠪᠡᠷ ᠢ ᠨᠢ ᠬᠤᠭᠤᠯᠵᠠᠢ᠃ ᠬᠤᠴᠠ ᠤᠬᠤᠨ᠎ᠠ ᠶᠢ ᠡᠰᠡᠷᠭᠦᠴᠡᠬᠦ ᠬᠦᠴᠦ ᠦᠭᠡᠢ ᠪᠣᠯᠬᠣᠷ ᠤᠬᠤᠨ᠎ᠠ ᠲᠡᠭᠦᠨ ᠢ ᠭᠠᠵᠠᠷ ᠲᠤ ᠤᠨᠠᠭᠠᠵᠤ᠂ ᠳᠡᠭᠡᠷ᠎ᠡ ᠨᠢ ᠭᠢᠰᠬᠢᠪᠡ᠃ ᠬᠡᠨ ᠴᠤ ᠬᠤᠴᠠ ᠶᠢ ᠤᠬᠤᠨ᠎ᠠ ᠶᠢᠨ ᠬᠦᠴᠦᠨ ᠡᠴᠡ ᠠᠪᠤᠷᠠᠬᠤ ᠦᠭᠡᠢ ᠪᠠᠢᠯ᠎ᠠ᠃ 8 ᠤᠬᠤᠨ᠎ᠠ ᠥᠪᠡᠷ ᠢ ᠪᠠᠨ ᠶᠡᠬᠡᠳᠡ ᠬᠦᠴᠦᠷᠬᠡᠭᠵᠢᠭᠦᠯᠪᠡ᠃ ᠬᠠᠷᠢᠨ ᠬᠦᠴᠦᠲᠡᠢ ᠪᠠᠢᠬᠤ ᠳᠤᠨᠢ ᠲᠣᠮᠣ ᠡᠪᠡᠷ ᠨᠢ ᠬᠤᠭᠤᠷᠠᠵᠤ᠂ ᠣᠷᠣᠨ ᠳᠤᠨᠢ ᠣᠨᠴᠠᠭᠠᠢ ᠳᠥᠷᠪᠡᠨ ᠡᠪᠡᠷ ᠲᠩᠷᠢ ᠶᠢᠨ ᠳᠥᠷᠪᠡᠨ ᠵᠦᠭ 4 ᠢ ᠴᠢᠭᠯᠡᠨ ᠤᠷᠭᠤᠪᠠ᠃
9 ᠲᠡᠳᠡᠭᠡᠷ ᠦᠨ ᠳᠣᠲᠣᠷᠠᠬᠢ ᠨᠢᠭᠡ ᠡᠪᠡᠷ ᠡᠴᠡ ᠨᠢᠭᠡᠨ ᠵᠢᠵᠢᠭ ᠡᠪᠡᠷ ᠭᠠᠷᠴᠤ᠂ ᠡᠮᠦᠨ᠎ᠡ᠂ ᠳᠣᠷᠣᠨ᠎ᠠ ᠵᠦᠭ᠂ ᠮᠥᠨ ᠵᠢᠪᠬᠤᠯᠠᠩᠲᠤ ᠣᠷᠣᠨ ᠢ ᠴᠢᠭᠯᠡᠨ ᠠᠰᠤᠷᠤ ᠶᠡᠬᠡ ᠪᠡᠷ ᠲᠣᠮᠣᠷᠠᠪᠠ᠃ 10 ᠲᠡᠷᠡ ᠪᠡᠷ ᠲᠩᠷᠢ ᠶᠢᠨ ᠲᠦᠭ ᠲᠦᠮᠡᠨ ᠳᠦ ᠬᠦᠷᠲᠡᠯ᠎ᠡ ᠤᠷᠭᠤᠵᠤ᠂ ᠲᠦᠭ ᠲᠦᠮᠡᠨ ᠡᠴᠡ᠂ ᠮᠥᠨ ᠣᠳᠣᠳ ᠠᠴᠠ ᠵᠠᠷᠢᠮ ᠢ ᠨᠢ ᠭᠠᠵᠠᠷ ᠲᠤ ᠤᠨᠠᠭᠠᠵᠤ ᠭᠢᠰᠬᠢᠪᠡ᠃ 11 ᠲᠡᠷᠡ ᠥᠪᠡᠷ ᠢ ᠪᠠᠨ ᠲᠦᠭ ᠲᠦᠮᠡᠨ ᠦ ᠵᠠᠩᠵᠤᠨ ᠲᠠᠢ ᠠᠳᠠᠯᠢ ᠪᠣᠯᠭᠠᠬᠤ ᠪᠠᠷ ᠡᠷᠭᠦᠮᠵᠢᠯᠡᠵᠦ᠂ ᠲᠡᠭᠦᠨ ᠳᠦ ᠡᠷᠭᠦᠳᠡᠭ ᠪᠠᠢᠩ᠋ᠭᠤ ᠶᠢᠨ ᠲᠠᠬᠢᠯ ᠢ ᠵᠣᠭᠰᠣᠭᠠᠵᠤ᠂ ᠲᠡᠭᠦᠨ ᠦ ᠠᠷᠢᠭᠤᠨ ᠭᠠᠵᠠᠷ ᠢ ᠨᠤᠷᠠᠭᠠᠪᠠ᠃ 12 ᠬᠢᠯᠢᠨᠴᠡ ᠶᠢᠨ ᠤᠯᠠᠮ ᠢᠶᠠᠷ ᠠᠷᠢᠭᠤᠨ ᠲᠦᠮᠡᠨ ᠴᠤ᠂ ᠪᠠᠢᠩ᠋ᠭᠤ ᠶᠢᠨ ᠲᠠᠬᠢᠯ ᠴᠤ ᠲᠡᠭᠦᠨ ᠦ ᠭᠠᠷ ᠲᠤ ᠲᠤᠰᠢᠶᠠᠭᠳᠠᠵᠤ᠂ ᠦᠨᠡᠨ ᠨᠢ ᠭᠠᠵᠠᠷ ᠳᠡᠭᠡᠷ᠎ᠡ ᠬᠠᠶᠠᠭᠳᠠᠵᠠᠢ᠃ ᠲᠡᠷᠡ ᠪᠡᠷ ᠡᠨᠡ ᠪᠦᠬᠦᠨ ᠢ ᠦᠢᠯᠡᠳᠬᠦ ᠳᠡᠭᠡᠨ ᠠᠮᠵᠢᠯᠲᠠ ᠣᠯᠣᠭᠰᠠᠨ ᠪᠠᠢᠪᠠ᠃ 13 ᠪᠢ ᠨᠢᠭᠡᠨ ᠠᠷᠢᠭᠤᠨ ᠡᠯᠴᠢ ᠶᠢᠨ ᠶᠠᠷᠢᠵᠤ ᠪᠠᠢᠭ᠎ᠠ ᠶᠢ ᠰᠣᠨᠣᠰᠴᠤ ᠪᠠᠢᠯ᠎ᠠ᠃ ᠲᠡᠭᠡᠲᠡᠯ᠎ᠡ ᠥᠭᠡᠷ᠎ᠡ ᠨᠢᠭᠡᠨ ᠠᠷᠢᠭᠤᠨ ᠡᠯᠴᠢ ᠲᠡᠭᠦᠨ ᠡᠴᠡ ᠠᠰᠠᠭᠤᠨ᠄ 《ᠪᠠᠢᠩ᠋ᠭᠤ ᠶᠢᠨ ᠲᠠᠬᠢᠯ ᠤᠨ ᠲᠤᠬᠠᠢ᠂ ᠰᠦᠢᠷᠡᠯ ᠠᠪᠴᠢᠷᠠᠬᠤ ᠬᠢᠯᠢᠨᠴᠡ ᠶᠢᠨ ᠲᠤᠬᠠᠢ᠂ ᠮᠥᠨ ᠠᠷᠢᠭᠤᠨ ᠭᠠᠵᠠᠷ ᠪᠠ ᠠᠷᠢᠭᠤᠨ ᠲᠦᠮᠡᠨ ᠬᠥᠯ ᠳᠣᠣᠷ᠎ᠠ ᠭᠢᠰᠬᠢᠭᠦᠯᠬᠦ ᠲᠤᠬᠠᠢ ᠦᠵᠡᠭᠳᠡᠯ ᠪᠡᠶᠡᠯᠡᠭᠳᠡᠬᠦ ᠬᠦᠷᠲᠡᠯ᠎ᠡ ᠬᠡᠳᠦᠢ ᠤᠳᠠᠬᠤ ᠪᠤᠢ︖》 ᠭᠡᠬᠦ ᠳᠦ᠂ 14 ᠲᠡᠷᠡ ᠪᠡᠷ ᠨᠠᠳᠠ ᠳᠤ᠄ 《ᠬᠣᠶᠠᠷ ᠮᠢᠩ᠋ᠭ᠎ᠠ ᠭᠤᠷᠪᠠᠨ ᠵᠠᠭᠤᠨ ᠡᠳᠦᠷ ᠰᠥᠨᠢ ᠶᠤᠮ᠃ ᠲᠡᠭᠦᠨ ᠦ ᠳᠠᠷᠠᠭ᠎ᠠ ᠯᠠ ᠠᠷᠢᠭᠤᠨ ᠭᠠᠵᠠᠷ ᠵᠥᠪ ᠪᠠᠢᠳᠠᠯ ᠳᠠᠭᠠᠨ ᠣᠷᠣᠨ᠎ᠠ》 ᠭᠡᠪᠡ᠃
15 ᠳ᠋ᠠᠨᠢᠶᠧᠯ ᠪᠢ ᠡᠨᠡ ᠦᠵᠡᠭᠳᠡᠯ ᠢ ᠦᠵᠡᠭᠡᠳ ᠤᠳᠬ᠎ᠠ ᠶᠢ ᠨᠢ ᠣᠯᠬᠤ ᠭᠡᠵᠦ ᠪᠠᠢᠬᠤ ᠳᠤ᠂ ᠬᠥᠮᠦᠨ ᠰᠢᠭ ᠳᠦᠷᠰᠦ ᠲᠠᠢ ᠨᠢᠭᠡᠨ ᠮᠢᠨᠦ ᠡᠮᠦᠨ᠎ᠡ ᠵᠣᠭᠰᠣᠵᠤ ᠪᠠᠢᠪᠠ︕ 16 ᠦᠯᠠᠢ ᠭᠣᠣᠯ ᠠᠴᠠ ᠬᠥᠮᠦᠨ ᠦ ᠳᠠᠭᠤ ᠭᠠᠷᠴᠤ᠄ 《ᠭᠠᠪᠷᠢᠶᠧᠯ ᠡ᠂ ᠡᠨᠡ ᠬᠥᠮᠦᠨ ᠳᠦ ᠲᠡᠷᠡ ᠦᠵᠡᠭᠳᠡᠯ ᠢ ᠣᠢᠯᠠᠭᠠᠭᠤᠯ》 ᠭᠡᠬᠦ ᠶᠢ ᠰᠣᠨᠣᠰᠪᠠ᠃ 17 ᠭᠠᠪᠷᠢᠶᠧᠯ ᠮᠢᠨᠦ ᠵᠣᠭᠰᠣᠵᠤ ᠪᠠᠢᠭᠰᠠᠨ ᠭᠠᠵᠠᠷ ᠲᠤ ᠳᠥᠭᠥᠵᠦ ᠢᠷᠡᠬᠦ ᠳᠦ᠂ ᠪᠢ ᠠᠶᠤᠵᠤ ᠨᠢᠭᠤᠷ ᠢᠶᠠᠨ ᠭᠠᠵᠠᠷ ᠲᠤ ᠨᠠᠭᠠᠪᠠ᠃ ᠲᠡᠷᠡ ᠢᠷᠡᠵᠦ ᠨᠠᠳᠠ ᠳᠤ᠄ 《ᠬᠥᠮᠦᠨ ᠦ ᠬᠦᠦ ᠡ᠂ ᠡᠨᠡ ᠦᠵᠡᠭᠳᠡᠯ ᠲᠡᠭᠦᠰᠬᠡᠯ ᠦᠨ ᠦᠶ᠎ᠡ ᠶᠢᠨ ᠲᠤᠬᠠᠢ ᠭᠡᠳᠡᠭ ᠢ ᠣᠢᠯᠠᠭᠠᠭᠲᠤᠨ》 ᠭᠡᠪᠡ᠃
18 ᠲᠡᠷᠡ ᠨᠠᠳᠠ ᠲᠠᠢ ᠶᠠᠷᠢᠬᠤ ᠳᠤ᠂ ᠪᠢ ᠨᠢᠭᠤᠷ ᠢᠶᠠᠨ ᠭᠠᠵᠠᠷ ᠲᠤ ᠨᠠᠭᠠᠨ ᠭᠦᠨ ᠨᠣᠢᠷ ᠲᠤ ᠠᠪᠲᠠᠪᠠ᠃ ᠲᠡᠷᠡ ᠭᠠᠷ ᠢᠶᠠᠨ ᠬᠦᠷᠭᠡᠨ᠂ ᠨᠠᠮᠠᠶᠢ ᠴᠢᠬᠡ ᠪᠣᠰᠬᠠᠵᠤ᠄ 19 《ᠬᠠᠷ᠎ᠠ᠂ ᠨᠥᠭᠥᠭᠡ ᠦᠵᠡᠭᠳᠡᠯ ᠲᠣᠭᠲᠠᠭᠠᠭᠳᠠᠭᠰᠠᠨ ᠲᠡᠭᠦᠰᠬᠡᠯ ᠦᠨ ᠴᠠᠭ ᠲᠤ ᠪᠣᠯᠣᠨ᠎ᠠ᠃ ᠡᠢᠮᠦ ᠡᠴᠡ ᠪᠢ ᠴᠢᠮ᠎ᠠ ᠳᠤ ᠬᠢᠯᠢᠩ ᠤᠨ ᠲᠡᠭᠦᠰᠬᠡᠯ ᠦᠨ ᠦᠶ᠎ᠡ ᠳᠦ ᠶᠠᠭᠤ ᠪᠣᠯᠬᠤ ᠶᠢ ᠮᠡᠳᠡᠭᠦᠯᠦᠶ᠎ᠡ᠃ 20 ᠴᠢᠨᠦ ᠦᠵᠡᠭᠰᠡᠨ ᠬᠣᠶᠠᠷ ᠡᠪᠡᠷ ᠲᠡᠢ ᠬᠤᠴᠠ ᠪᠣᠯ ᠮᠧᠳᠢᠶᠠ ᠪᠣᠯᠣᠨ ᠫᠧᠷᠰ ᠤᠨ ᠬᠠᠭᠠᠳ ᠢ ᠵᠢᠭᠠᠵᠤ ᠪᠠᠢᠨ᠎ᠠ᠃ 21 ᠤᠬᠤᠨ᠎ᠠ ᠨᠢ ᠭᠷᠧᠭ ᠤᠨ ᠬᠠᠭᠠᠨ ᠢ ᠵᠢᠭᠠᠵᠤ ᠪᠠᠢᠭ᠎ᠠ ᠪᠥᠭᠡᠳ ᠨᠢᠳᠦᠨ ᠦ ᠬᠢᠨᠢ ᠬᠣᠭᠣᠷᠣᠨᠳᠣᠬᠢ ᠲᠣᠮᠣ ᠡᠪᠡᠷ ᠪᠣᠯ ᠠᠩ᠋ᠬᠠᠨ ᠤ ᠬᠠᠭᠠᠨ ᠨᠢ᠂ 22 ᠬᠤᠭᠤᠷᠠᠭᠰᠠᠨ ᠡᠪᠡᠷ ᠦᠨ ᠳᠠᠷᠠᠭ᠎ᠠ ᠤᠷᠭᠤᠭᠰᠠᠨ ᠳᠥᠷᠪᠡᠨ ᠡᠪᠡᠷ ᠪᠣᠯ ᠲᠡᠭᠦᠨ ᠦ ᠦᠨᠳᠦᠰᠦᠲᠡᠨ ᠡᠴᠡ ᠪᠣᠰᠬᠤ ᠳᠥᠷᠪᠡᠨ ᠬᠠᠭᠠᠨᠴᠢᠯᠠᠯ ᠶᠤᠮ᠃ ᠬᠠᠷᠢᠨ ᠲᠡᠳᠡ ᠠᠩ᠋ᠬᠠᠨ ᠤ ᠪᠠᠨ ᠰᠢᠭ᠋ ᠬᠦᠴᠦᠲᠡᠢ ᠪᠢᠰᠢ᠃
23 ᠲᠡᠳᠡᠨ ᠦ ᠬᠠᠭᠠᠨᠴᠢᠯᠠᠯ ᠤᠨ ᠰᠡᠭᠦᠯᠴᠢ ᠶᠢᠨ ᠦᠶ᠎ᠡ ᠳᠦ ᠬᠢᠯᠢᠨᠴᠡ ᠨᠢ ᠲᠤᠢᠯ ᠳᠠᠭᠠᠨ ᠲᠤᠯᠬᠤ ᠳᠤ ᠳᠣᠭᠰᠢᠨ ᠴᠢᠷᠠᠢ ᠲᠠᠢ᠂ ᠵᠠᠯᠢ ᠲᠠᠢ ᠨᠢᠭᠡᠨ ᠬᠠᠭᠠᠨ ᠭᠠᠷᠴᠤ ᠢᠷᠡᠨ᠎ᠡ᠃
24 ᠲᠡᠳᠡ ᠥᠪᠡᠷ ᠦᠨ ᠢᠶᠠᠨ ᠪᠤᠰᠤ ᠬᠦᠴᠦ ᠪᠡᠷ ᠬᠦᠴᠦᠷᠬᠡᠭᠵᠢᠵᠦ ᠠᠶᠤᠮᠰᠢᠭᠲᠤ ᠡᠪᠳᠡᠯᠭᠡ ᠬᠢᠵᠦ᠂ ᠦᠢᠯᠡᠰ ᠨᠢ ᠠᠮᠵᠢᠯᠲᠠ ᠣᠯᠣᠨ᠎ᠠ ᠲᠡᠷᠡ ᠬᠦᠴᠦᠲᠡᠳ ᠪᠣᠯᠣᠨ ᠠᠷᠢᠭᠤᠨ ᠠᠷᠠᠳ ᠲᠦᠮᠡᠨ ᠢ ᠰᠥᠨᠥᠭᠡᠨ᠎ᠡ᠃
25 ᠲᠡᠷᠡ ᠵᠠᠯᠢ ᠮᠡᠬᠡ ᠪᠡᠷ ᠠᠮᠵᠢᠯᠲᠠ ᠣᠯᠵᠤ᠂ ᠥᠪᠡᠷ ᠢ ᠪᠠᠨ ᠠᠭᠤᠤ ᠳᠤ ᠲᠣᠭᠠᠴᠠᠨ᠎ᠠ ᠣᠯᠠᠨ ᠢ ᠠᠮᠤᠷ ᠲᠠᠢᠪᠤᠩ ᠪᠠᠢᠬᠤ ᠳᠤᠨᠢ ᠤᠰᠠᠳᠬᠠᠵᠤ ᠨᠣᠶᠠᠳ ᠤᠨ ᠨᠣᠶᠠᠨ ᠤ ᠡᠰᠡᠷᠭᠦ ᠪᠣᠰᠣᠨ᠎ᠠ ᠬᠠᠷᠢᠨ ᠬᠥᠮᠦᠨ ᠦ ᠭᠠᠷ ᠠᠴᠠ ᠪᠢᠰᠢ ᠪᠠᠷ ᠮᠥᠬᠥᠨ᠎ᠡ᠃
26 ᠳᠡᠭᠡᠷ᠎ᠡ ᠥᠭᠦᠯᠡᠭᠰᠡᠨ ᠡᠳᠦᠷ ᠰᠥᠨᠢ ᠶᠢᠨ ᠲᠠᠯ᠎ᠠ ᠪᠠᠷ ᠬᠢ ᠦᠵᠡᠭᠳᠡᠯ ᠦᠨᠡᠨ ᠪᠢᠯᠡ ᠬᠠᠷᠢᠨ ᠡᠨᠡ ᠨᠢ ᠣᠯᠠᠨ ᠬᠣᠨᠣᠭ ᠤᠨ ᠳᠠᠷᠠᠭ᠎ᠠ ᠪᠣᠯᠬᠤ ᠲᠤᠯᠠ ᠴᠢ ᠲᠡᠷᠡ ᠦᠵᠡᠭᠳᠡᠯ ᠢ ᠨᠢᠭᠤᠴᠠᠯᠠᠨ ᠬᠠᠳᠠᠭᠠᠯᠠ》 ᠭᠡᠯᠡ᠃
27 ᠳᠠᠷᠠᠭ᠎ᠠ ᠨᠢ ᠳ᠋ᠠᠨᠢᠶᠧᠯ ᠪᠢ ᠲᠤᠢᠯᠳᠠᠵᠤ᠂ ᠬᠡᠳᠦᠨ ᠡᠳᠦᠷ ᠡᠪᠡᠳᠦᠯ᠎ᠡ᠃ ᠲᠡᠭᠡᠭᠡᠭᠰᠡᠨ ᠢᠶᠡᠨ ᠪᠢ ᠪᠣᠰᠴᠤ᠂ ᠬᠠᠭᠠᠨ ᠤ ᠠᠯᠪᠠ ᠶᠢ ᠭᠦᠢᠴᠡᠳᠬᠡᠪᠡ᠃ ᠲᠡᠢᠨ ᠬᠦ ᠪᠢ ᠨᠥᠭᠥᠭᠡ ᠦᠵᠡᠭᠳᠡᠯ ᠦᠨ ᠤᠯᠠᠮ ᠢᠶᠠᠷ ᠶᠡᠬᠡ ᠴᠣᠴᠢᠷᠳᠠᠯ ᠳᠤ ᠣᠷᠣᠭᠰᠠᠨ ᠪᠥᠭᠡᠳ ᠲᠡᠷᠡ ᠨᠢ ᠤᠬᠠᠭᠠᠷᠠᠭᠳᠠᠰᠢ ᠦᠭᠡᠢ ᠪᠠᠢᠪᠠ᠃