1 2 3 4 5 6 7 8 9 10 11 12


ᠳ᠋ᠠᠨᠢᠶᠧᠯ ᠬᠣᠶᠠᠷ
 ᠳᠥᠷᠪᠡᠨ ᠬᠠᠭᠠᠨᠴᠢᠯᠠᠯ ᠤᠨ ᠲᠤᠬᠠᠢ ᠵᠡᠭᠦᠳᠦ

1 ᠨᠧᠪᠦ᠋ᠺᠠᠨᠧᠽᠠᠷ ᠤᠨ ᠬᠠᠭᠠᠨᠴᠢᠯᠠᠯ ᠤᠨ ᠬᠣᠶᠠᠳᠤᠭᠠᠷ ᠣᠨ ᠳᠤ᠂ ᠨᠧᠪᠦ᠋ᠺᠠᠨᠧᠽᠠᠷ ᠵᠡᠭᠦᠳᠦ ᠨᠦᠭᠦᠳ ᠵᠡᠭᠦᠳᠦᠯᠡᠭᠰᠡᠨ ᠦ ᠤᠯᠠᠮ ᠢᠶᠠᠷ ᠰᠡᠳᠬᠢᠯ ᠨᠢ ᠤᠢᠮᠤᠷᠠᠵᠤ᠂ ᠨᠣᠢᠷ ᠬᠤᠯᠵᠢᠬᠤ ᠪᠣᠯᠵᠠᠢ᠃ 2 ᠬᠠᠭᠠᠨ ᠵᠡᠭᠦᠳᠦ ᠪᠡᠨ ᠲᠠᠢᠯᠤᠭᠤᠯᠬᠤ ᠪᠠᠷ ᠶᠢᠯᠸᠢᠴᠢᠨ᠂ ᠵᠢᠷᠤᠬᠠᠢᠴᠢ᠂ ᠮᠡᠷᠭᠡᠴᠢ ᠪᠠ ᠮᠡᠷᠭᠡᠳ ᠢ ᠳᠠᠭᠤᠳᠠᠭᠤᠯᠤᠭᠰᠠᠨ ᠳᠤ᠂ ᠲᠡᠳᠡ ᠢᠷᠡᠵᠦ ᠬᠠᠭᠠᠨ ᠤ ᠡᠮᠦᠨ᠎ᠡ ᠵᠣᠭᠰᠣᠪᠠ᠃ 3 ᠬᠠᠭᠠᠨ ᠲᠡᠳᠡᠨ ᠳᠦ᠄ 《ᠪᠢ ᠨᠢᠭᠡᠨ ᠵᠡᠭᠦᠳᠦ ᠵᠡᠭᠦᠳᠦᠯᠡᠭᠡᠳ᠂ ᠲᠡᠷᠡ ᠵᠡᠭᠦᠳᠦ ᠶᠢᠨ ᠤᠴᠢᠷ ᠢ ᠣᠯᠬᠤ ᠭᠡᠵᠦ ᠰᠡᠳᠬᠢᠯ ᠮᠢᠨᠢ ᠤᠢᠮᠤᠷᠠᠵᠤ ᠪᠠᠢᠨ᠎ᠠ》 ᠭᠡᠪᠡ᠃ 4 ᠮᠡᠷᠭᠡᠳ ᠬᠠᠭᠠᠨ ᠳᠤ ᠠᠷᠠᠮ ᠬᠡᠯᠡ ᠪᠡᠷ᠄ 《ᠬᠠᠭᠠᠨᠲᠠᠨ ᠮᠥᠩᠬᠡ ᠨᠠᠰᠤᠯᠠᠲᠤᠭᠠᠢ᠃ ᠲᠠ ᠵᠠᠷᠤᠴᠠ ᠨᠠᠷ ᠲᠠᠭᠠᠨ ᠵᠡᠭᠦᠳᠦ ᠪᠡᠨ ᠶᠠᠷᠢᠭᠠᠴᠢ᠂ ᠲᠡᠭᠡᠪᠡᠯ ᠪᠢᠳᠡ ᠲᠠᠢᠯᠤᠯ ᠢ ᠨᠢ ᠠᠢᠯᠠᠳᠬᠠᠶ᠎ᠠ》 ᠭᠡᠪᠡ᠃ 5 ᠬᠠᠭᠠᠨ ᠮᠡᠷᠭᠡᠳ ᠲᠦ ᠬᠠᠷᠢᠭᠤᠯᠤᠨ᠄ 《ᠪᠢ ᠡᠭᠦᠨ ᠢ ᠪᠠᠲᠤᠲᠠᠢ ᠰᠢᠢᠳᠦᠯ᠎ᠡ᠂ ᠲᠠ ᠨᠠᠷ ᠶᠠᠭᠤ ᠵᠡᠭᠦᠳᠦᠯᠡᠭᠰᠡᠨ ᠢ ᠮᠢᠨᠢ ᠮᠡᠳᠡᠭᠦᠯᠦᠨ ᠲᠡᠭᠦᠨ ᠢ ᠲᠠᠢᠯᠬᠤ ᠦᠭᠡᠢ ᠪᠣᠯ᠂ ᠪᠢ ᠲᠠ ᠨᠠᠷ ᠢ ᠮᠥᠴᠢ ᠮᠥᠴᠢ ᠪᠠᠷ ᠴᠢᠨᠢ ᠲᠠᠰᠤᠳᠠᠴᠢᠬᠤ ᠪᠥᠭᠡᠳ ᠭᠡᠷ ᠢ ᠴᠢᠨᠢ ᠦᠨᠡᠰᠦᠨ ᠲᠣᠪᠷᠠᠭ ᠪᠣᠯᠭᠠᠨ᠎ᠠ᠃ 6 ᠬᠠᠷᠢᠨ ᠵᠡᠭᠦᠳᠦ ᠶᠢ ᠮᠢᠨᠢ ᠬᠡᠯᠡᠵᠦ᠂ ᠲᠠᠢᠯᠵᠤ ᠴᠢᠳᠠᠪᠠᠯ᠂ ᠪᠡᠯᠡᠭ ᠪᠠ ᠱᠠᠩᠨᠠᠯ ᠢ ᠠᠤᠭ᠎ᠠ ᠬᠦᠨᠳᠦᠳᠬᠡᠯ ᠦᠨ ᠬᠠᠮᠲᠤ ᠨᠠᠳᠠ ᠠᠴᠠ ᠬᠦᠷᠲᠡᠬᠦ ᠪᠣᠯᠣᠨ᠎ᠠ᠃ ᠲᠡᠢᠮᠦ ᠡᠴᠡ ᠵᠡᠭᠦᠳᠦ ᠪᠠ ᠲᠠᠢᠯᠤᠯ ᠢ ᠨᠢ ᠨᠠᠳᠠ ᠳᠤ ᠬᠡᠯᠡᠭᠲᠦᠨ》 ᠭᠡᠪᠡ᠃ 7 ᠲᠡᠳᠡ ᠳᠠᠬᠢᠨ ᠬᠠᠷᠢᠭᠤᠯᠤᠨ᠄ 《ᠬᠠᠭᠠᠨᠲᠠᠨ ᠵᠠᠷᠤᠴᠠ ᠨᠠᠷ ᠲᠠᠭᠠᠨ ᠵᠡᠭᠦᠳᠦ ᠪᠡᠨ ᠶᠠᠷᠢᠭᠠᠴᠢ᠃ ᠲᠡᠭᠡᠪᠡᠯ ᠪᠢᠳᠡ ᠲᠠᠢᠯᠤᠯ ᠢ ᠨᠢ ᠠᠢᠯᠠᠳᠬᠠᠶ᠎ᠠ》 ᠭᠡᠬᠦ ᠳᠦ᠂ 8 ᠬᠠᠭᠠᠨ᠄ 《ᠪᠢ ᠰᠠᠢᠨ ᠮᠡᠳᠡᠵᠦ ᠪᠠᠢᠨ᠎ᠠ᠂ ᠪᠠᠲᠤᠲᠠᠢ ᠰᠢᠢᠳᠦᠭᠰᠡᠨ ᠢ ᠮᠢᠨᠢ ᠦᠵᠡᠭᠡᠳ ᠲᠠ ᠨᠠᠷ ᠴᠠᠭ ᠬᠣᠢᠰᠢᠯᠠᠭᠤᠯᠬᠤ ᠭᠡᠵᠦ ᠪᠠᠢᠨ᠎ᠠ᠃ 9 ᠬᠠᠷᠢᠨ ᠵᠡᠭᠦᠳᠦ ᠶᠢ ᠮᠡᠳᠡᠭᠦᠯᠬᠦ ᠦᠭᠡᠢ ᠪᠣᠯ᠂ ᠲᠠ ᠨᠠᠷ ᠪᠦᠭᠦᠳᠡᠭᠡᠷ ᠠᠳᠠᠯᠢᠬᠠᠨ ᠰᠢᠳᠬᠡᠯ ᠬᠦᠯᠢᠶᠡᠨ᠎ᠡ᠃ ᠡᠨᠡ ᠨᠥᠬᠥᠴᠡᠯ ᠥᠭᠡᠷᠡᠴᠢᠯᠡᠭᠳᠡᠬᠦ ᠪᠠᠢᠬ᠎ᠠ ᠭᠡᠵᠦ ᠨᠠᠢᠳᠠᠭᠠᠳ ᠲᠠ ᠨᠠᠷ ᠮᠢᠨᠦ ᠡᠮᠦᠨ᠎ᠡ ᠬᠤᠳᠠᠯ ᠬᠠᠭᠤᠷᠮᠠᠭ ᠢ ᠶᠠᠷᠢᠬᠤ ᠪᠠᠷ ᠲᠣᠬᠢᠷᠠᠯᠴᠠᠭᠰᠠᠨ ᠪᠢᠵᠡ᠃ ᠨᠠᠳᠠ ᠳᠤ ᠵᠡᠭᠦᠳᠦ ᠶᠢ ᠶᠠᠷᠢᠵᠤ ᠥᠭ︕ ᠲᠡᠭᠡᠪᠡᠯ ᠲᠠᠢᠯᠤᠯ ᠢ ᠥᠭᠴᠦ ᠴᠢᠳᠠᠨ᠎ᠠ ᠭᠡᠳᠡᠭ ᠢ ᠴᠢᠨᠢ ᠪᠢ ᠮᠡᠳᠡᠬᠦ ᠪᠣᠯᠣᠨ᠎ᠠ》 ᠭᠡᠵᠡᠢ᠃ 10 ᠮᠡᠷᠭᠡᠳ ᠬᠠᠭᠠᠨ ᠳᠤ ᠬᠠᠷᠢᠭᠤᠯᠤᠨ᠄ 《ᠬᠠᠭᠠᠨ ᠤ ᠡᠨᠡ ᠱᠠᠭᠠᠷᠳᠠᠯᠭ᠎ᠠ ᠶᠢ ᠬᠠᠩ᠋ᠭᠠᠵᠤ ᠴᠢᠳᠠᠬᠤ ᠬᠥᠮᠦᠨ ᠭᠠᠵᠠᠷ ᠳᠡᠭᠡᠷ᠎ᠡ ᠪᠠᠢᠬᠤ ᠦᠭᠡᠢ᠂ ᠠᠭᠤᠤ ᠬᠦᠴᠦ ᠲᠠᠢ ᠠᠯᠢ ᠴᠤ ᠬᠠᠭᠠᠨ ᠡᠳᠡᠭᠡᠷ ᠵᠦᠢᠯ ᠢ ᠶᠢᠯᠸᠢᠴᠢᠨ᠂ ᠵᠢᠷᠤᠬᠠᠢᠴᠢ ᠪᠤᠶᠤ ᠮᠡᠷᠭᠡᠳ ᠡᠴᠡ ᠱᠠᠭᠠᠷᠳᠠᠵᠤ ᠪᠠᠢᠭ᠎ᠠ ᠦᠭᠡᠢ᠃ 11 ᠬᠠᠭᠠᠨ ᠤ ᠱᠠᠭᠠᠷᠳᠠᠭᠰᠠᠨ ᠵᠦᠢᠯ ᠳᠡᠩᠳᠡᠭᠦᠦ ᠬᠡᠴᠡᠭᠦᠦ᠂ ᠮᠢᠬᠠᠨ ᠪᠡᠶᠡᠲᠦ ᠬᠥᠮᠦᠰ ᠦᠨ ᠳᠤᠮᠳᠠ ᠣᠷᠣᠰᠢᠳᠠᠭ ᠦᠭᠡᠢ ᠪᠤᠷᠬᠠᠳ ᠠᠴᠠ ᠥᠭᠡᠷ᠎ᠡ ᠬᠡᠨ ᠴᠤ ᠬᠠᠭᠠᠨ ᠳᠤ ᠬᠡᠯᠡᠵᠦ ᠥᠭᠴᠦ ᠴᠢᠳᠠᠬᠤ ᠦᠭᠡᠢ ᠨᠢ》 ᠭᠡᠯᠴᠡᠪᠡ᠃

12 ᠡᠭᠦᠨ ᠡᠴᠡ ᠪᠣᠯᠵᠤ ᠬᠠᠭᠠᠨ ᠶᠡᠬᠡᠳᠡ ᠠᠭᠤᠷᠯᠠᠨ ᠬᠢᠯᠢᠩᠨᠡᠵᠦ᠂ ᠪᠠᠪᠢᠯᠣᠨ ᠤ ᠬᠠᠮᠤᠭ ᠮᠡᠷᠭᠡᠳ ᠢ ᠤᠰᠠᠳᠬᠠᠬᠤ ᠶᠢ ᠲᠤᠰᠢᠶᠠᠪᠠ᠃ 13 ᠵᠠᠷᠯᠢᠭ ᠭᠠᠷᠤᠭᠰᠠᠨ ᠢᠶᠠᠷ ᠮᠡᠷᠭᠡᠳ ᠴᠠᠭᠠᠵᠠᠯᠠᠭᠳᠠᠬᠤ ᠪᠣᠯᠣᠯ᠎ᠠ᠂ ᠬᠥᠮᠦᠰ ᠳ᠋ᠠᠨᠢᠶᠧᠯ ᠪᠣᠯᠣᠨ ᠲᠡᠭᠦᠨ ᠦ ᠨᠥᠬᠥᠳ ᠢ ᠴᠤ ᠴᠠᠭᠠᠵᠠᠯᠠᠬᠤ ᠪᠠᠷ ᠬᠠᠢᠵᠤ ᠪᠠᠢᠪᠠ᠃ 14 ᠬᠠᠭᠠᠨ ᠤ ᠰᠢᠳᠠᠷ ᠬᠠᠮᠠᠭᠠᠯᠠᠭᠴᠢᠳ ᠤᠨ ᠠᠬᠠᠯᠠᠭᠴᠢ ᠠᠷᠢᠶᠣᠺ ᠪᠠᠪᠢᠯᠣᠨ ᠤ ᠮᠡᠷᠭᠡᠳ ᠢ ᠴᠠᠭᠠᠵᠠᠯᠠᠬᠤ ᠪᠠᠷ ᠢᠷᠡᠬᠦ ᠳᠦ᠂ ᠳ᠋ᠠᠨᠢᠶᠧᠯ ᠲᠡᠭᠦᠨ ᠲᠡᠢ ᠬᠠᠰᠢᠷ ᠤᠬᠠᠭᠠᠯᠢᠭ ᠢᠶᠠᠷ ᠶᠠᠷᠢᠯᠴᠠᠪᠠ᠃ 15 ᠲᠡᠷᠡ ᠪᠡᠷ ᠬᠠᠭᠠᠨ ᠤ ᠲᠦᠰᠢᠮᠡᠯ ᠠᠷᠢᠶᠣᠺ ᠲᠤ᠄ 《ᠬᠠᠭᠠᠨ ᠤ ᠵᠠᠷᠯᠢᠭ ᠶᠠᠭᠠᠬᠢᠭᠠᠳ ᠡᠢᠮᠦ ᠪᠠᠴᠢᠮ ᠪᠠᠢᠭ᠎ᠠ ᠶᠤᠮ ᠪᠤᠢ︖》 ᠭᠡᠰᠡᠨ ᠳᠦ᠂ ᠠᠷᠢᠶᠣᠺ ᠳ᠋ᠠᠨᠢᠶᠧᠯ ᠳᠤ ᠡᠨᠡ ᠬᠡᠷᠡᠭ ᠦᠨ ᠲᠤᠬᠠᠢ ᠮᠡᠳᠡᠭᠳᠡᠪᠡ᠃ 16 ᠳ᠋ᠠᠨᠢᠶᠧᠯ ᠬᠠᠭᠠᠨ ᠤ ᠲᠡᠨᠳᠡ ᠣᠷᠣᠵᠤ᠂ ᠵᠡᠭᠦᠳᠦᠨ ᠦ ᠲᠠᠢᠯᠤᠯ ᠢ ᠣᠯᠬᠤ ᠶᠢᠨ ᠲᠤᠯᠠᠳᠠ ᠬᠤᠭᠤᠴᠠᠭ᠎ᠠ ᠭᠤᠶᠤᠪᠠ᠃

17 ᠳᠠᠷᠠᠭ᠎ᠠ ᠨᠢ ᠳ᠋ᠠᠨᠢᠶᠧᠯ ᠭᠡᠷ ᠲᠡᠭᠡᠨ ᠬᠠᠷᠢᠭᠠᠳ ᠥᠪᠡᠷ ᠦᠨ ᠢᠶᠠᠨ ᠠᠨᠳᠠ ᠬᠠᠨᠠᠨᠢᠶ᠎ᠠ᠂ ᠮᠢᠱᠠᠶᠧᠯ᠂ ᠠᠽᠠᠷᠢᠶ᠎ᠠ ᠳᠤ ᠡᠨᠡ ᠬᠡᠷᠡᠭ ᠢ ᠮᠡᠳᠡᠭᠳᠡᠵᠦ᠂ 18 ᠲᠩᠷᠢ ᠶᠢᠨ ᠪᠤᠷᠬᠠᠨ ᠠᠴᠠ ᠡᠨᠡ ᠨᠢᠭᠤᠴᠠ ᠶᠢᠨ ᠲᠠᠯ᠎ᠠ ᠪᠠᠷ ᠡᠨᠡᠷᠢᠯ ᠦᠵᠡᠭᠦᠯᠵᠦ᠂ ᠲᠡᠭᠡᠭᠰᠡᠨ ᠢᠶᠡᠷ ᠥᠪᠡᠷ ᠢᠶᠡᠨ᠂ ᠨᠥᠬᠥᠳ ᠦᠨ ᠢᠶᠠᠨ᠂ ᠪᠠᠪᠢᠯᠣᠨ ᠤ ᠪᠤᠰᠤᠳ ᠮᠡᠷᠭᠡᠳ ᠦᠨ ᠴᠠᠭᠠᠵᠠᠯᠠᠭᠳᠠᠬᠤ ᠦᠭᠡᠢ ᠪᠠᠢᠬᠤ ᠶᠢᠨ ᠲᠥᠯᠥᠭᠡ ᠭᠤᠶᠤᠬᠤ ᠶᠢ ᠢᠳᠬᠠᠪᠠ᠃ 19 ᠡᠭᠦᠨ ᠦ ᠳᠠᠷᠠᠭ᠎ᠠ ᠲᠡᠷᠡ ᠨᠢᠭᠤᠴᠠ ᠨᠢ ᠳ᠋ᠠᠨᠢᠶᠧᠯ ᠳᠤ ᠰᠥᠨᠢ ᠶᠢᠨ ᠦᠵᠡᠭᠳᠡᠯ ᠳᠣᠲᠣᠷ᠎ᠠ ᠢᠯᠡᠴᠢᠯᠡᠭᠳᠡᠵᠡᠢ᠃ ᠳ᠋ᠠᠨᠢᠶᠧᠯ ᠲᠩᠷᠢ ᠶᠢᠨ ᠪᠤᠷᠬᠠᠨ ᠢ ᠮᠠᠭᠲᠠᠪᠠ᠃ 20 ᠳ᠋ᠠᠨᠢᠶᠧᠯ ᠬᠡᠯᠡᠬᠦ ᠳᠡᠭᠡᠨ᠄ 《ᠮᠥᠩᠬᠡ ᠶᠢᠨ ᠮᠥᠩᠬᠡᠳᠡ ᠪᠤᠷᠬᠠᠨ ᠤ ᠨᠡᠷ᠎ᠡ ᠮᠠᠭᠲᠠᠭᠳᠠᠬᠤ ᠪᠣᠯᠲᠤᠭᠠᠢ ᠮᠡᠷᠭᠡᠨ ᠤᠬᠠᠭᠠᠨ ᠪᠠ ᠬᠦᠴᠦ ᠴᠢᠳᠠᠯ ᠲᠡᠭᠦᠨ ᠦ ᠬᠢ᠃
21 ᠴᠠᠭ ᠦᠶ᠎ᠡ ᠶᠢᠨ ᠪᠠᠢᠳᠠᠯ ᠢ ᠥᠭᠡᠷᠡᠴᠢᠯᠡᠵᠦ᠂ ᠬᠠᠭᠠᠳ ᠢ ᠤᠨᠠᠭᠠᠵᠤ ᠪᠣᠰᠬᠠᠳᠠᠭ ᠨᠢ ᠲᠡᠷᠡ ᠲᠡᠷᠡ ᠪᠡᠷ ᠮᠡᠷᠭᠡᠳ ᠲᠦ ᠮᠡᠷᠭᠡᠨ ᠤᠬᠠᠭᠠᠨ ᠢ᠂ ᠮᠡᠳᠡᠯᠭᠡ ᠲᠠᠢ ᠬᠥᠮᠦᠨ ᠳᠦ ᠤᠬᠠᠭᠠᠮᠵᠢ ᠶᠢ ᠰᠣᠶᠣᠷᠬᠠᠵᠠᠢ᠃
22 ᠭᠦᠨ᠂ ᠨᠢᠭᠤᠴᠠ ᠶᠠᠭᠤᠮᠠᠰ ᠢ ᠢᠯᠡᠴᠢᠯᠡᠵᠦ ᠬᠠᠷᠠᠩ᠋ᠭᠤᠢ ᠳᠤ ᠶᠠᠭᠤ ᠪᠤᠢ ᠶᠢ ᠮᠡᠳᠡᠳᠡᠭ ᠨᠢ ᠲᠡᠷᠡ ᠪᠢᠯᠡ᠂ ᠭᠡᠷᠡᠯ ᠲᠡᠭᠦᠨ ᠲᠡᠢ ᠬᠠᠮᠲᠤ ᠣᠷᠣᠰᠢᠳᠠᠭ᠃
23 ᠲᠠᠯᠠᠷᠬᠠᠯ ᠮᠠᠭᠲᠠᠭᠠᠯ ᠢ ᠪᠢ ᠲᠠᠨ ᠳᠤ ᠡᠷᠭᠦᠶ᠎ᠡ᠂ ᠡᠴᠢᠭᠡ ᠡᠪᠦᠭᠡᠳ ᠦᠨ ᠮᠢᠨᠢ ᠪᠤᠷᠬᠠᠨ᠂ ᠲᠠ ᠨᠠᠳᠠ ᠳᠤ ᠮᠡᠷᠭᠡᠨ ᠤᠬᠠᠭᠠᠨ ᠪᠠ ᠬᠦᠴᠦ ᠴᠢᠳᠠᠯ ᠢ ᠰᠣᠶᠣᠷᠬᠠᠵᠤ ᠭᠤᠶᠤᠭᠰᠠᠨ ᠵᠦᠢᠯ ᠢ ᠮᠢᠨᠢ ᠣᠳᠣ ᠨᠠᠳᠠ ᠳᠤ ᠮᠡᠳᠡᠭᠦᠯᠦᠭᠰᠡᠨ᠂ ᠬᠠᠭᠠᠨ ᠤ ᠵᠡᠭᠦᠳᠦ ᠶᠢ ᠪᠢᠳᠡᠨ ᠳᠦ ᠮᠡᠳᠡᠭᠦᠯᠦᠭᠰᠡᠨ》 ᠭᠡᠪᠡ᠃

24 ᠬᠠᠭᠠᠨ ᠪᠠᠪᠢᠯᠣᠨ ᠤ ᠮᠡᠷᠭᠡᠳ ᠢ ᠤᠰᠠᠳᠬᠠᠬᠤ ᠪᠠᠷ ᠠᠷᠢᠶᠣᠺ ᠢ ᠲᠣᠮᠢᠯᠠᠭᠰᠠᠨ ᠠᠵᠢ᠃ ᠳ᠋ᠠᠨᠢᠶᠧᠯ ᠲᠡᠭᠦᠨ ᠳᠡᠭᠡᠷ᠎ᠡ ᠣᠴᠢᠭᠠᠳ᠄ 《ᠪᠠᠪᠢᠯᠣᠨ ᠤ ᠮᠡᠷᠭᠡᠳ ᠢ ᠪᠦᠦ ᠴᠠᠭᠠᠵᠠᠯᠠ︕ ᠨᠠᠮᠠᠶᠢ ᠬᠠᠭᠠᠨ ᠤ ᠡᠮᠦᠨ᠎ᠡ ᠠᠪᠠᠴᠢᠭᠠᠴᠢ᠃ ᠪᠢ ᠵᠡᠭᠦᠳᠦᠨ ᠦ ᠬᠢᠨᠢ ᠲᠠᠢᠯᠤᠯ ᠢ ᠬᠠᠭᠠᠨ ᠳᠤ ᠠᠢᠯᠠᠳᠬᠠᠶ᠎ᠠ》 ᠭᠡᠪᠡ᠃

25 ᠠᠷᠢᠶᠣᠺ ᠳ᠋ᠠᠨᠢᠶᠧᠯ ᠢ ᠲᠡᠷᠡ ᠳᠠᠷᠤᠢ ᠬᠠᠭᠠᠨ ᠤ ᠡᠮᠦᠨ᠎ᠡ ᠠᠪᠠᠴᠢᠵᠤ᠂ ᠬᠠᠭᠠᠨ ᠳᠤ᠄ 《ᠶᠦᠳᠠ ᠠᠴᠠ ᠢᠷᠡᠭᠰᠡᠨ ᠣᠯᠵᠠᠯᠠᠭᠳᠠᠭᠰᠠᠳ ᠤᠨ ᠳᠤᠮᠳᠠ ᠠᠴᠠ ᠬᠠᠭᠠᠨ ᠳᠤ ᠵᠡᠭᠦᠳᠦ ᠲᠠᠢᠯᠵᠤ ᠥᠭᠬᠦ ᠬᠥᠮᠦᠨ ᠢ ᠪᠢ ᠣᠯᠣᠯ᠎ᠠ》 ᠭᠡᠪᠡ᠃ 26 ᠬᠠᠭᠠᠨ ᠪᠧᠯᠲ᠋ᠧᠱᠠᠽᠠᠷ ᠭᠡᠭᠳᠡᠳᠡᠭ ᠳ᠋ᠠᠨᠢᠶᠧᠯ ᠳᠤ᠄ 《ᠴᠢ ᠮᠢᠨᠦ ᠵᠡᠭᠦᠳᠦᠯᠡᠭᠰᠡᠨ ᠵᠡᠭᠦᠳᠦ ᠪᠣᠯᠣᠨ ᠲᠡᠭᠦᠨ ᠦ ᠲᠠᠢᠯᠤᠯ ᠢ ᠨᠠᠳᠠ ᠳᠤ ᠮᠡᠳᠡᠭᠦᠯᠵᠦ ᠴᠢᠳᠠᠨ᠎ᠠ ᠭᠡᠵᠢ ᠤᠤ︖》 ᠭᠡᠬᠦ ᠳᠦ᠂ 27 ᠬᠠᠭᠠᠨ ᠤ ᠡᠮᠦᠨ᠎ᠡ ᠳ᠋ᠠᠨᠢᠶᠧᠯ ᠬᠠᠷᠢᠭᠤᠯᠵᠤ᠄ 《ᠬᠠᠭᠠᠨ ᠤ ᠠᠰᠠᠭᠤᠭᠰᠠᠨ ᠨᠢᠭᠤᠴᠠ ᠶᠢ ᠮᠡᠷᠭᠡᠳ᠂ ᠵᠢᠷᠤᠬᠠᠢᠴᠢᠳ᠂ ᠶᠢᠯᠸᠢᠴᠢᠳ᠂ ᠲᠥᠯᠭᠡᠴᠢᠳ ᠤᠨ ᠠᠯᠢ ᠨᠢ ᠴᠤ ᠬᠠᠭᠠᠨ ᠳᠤ ᠲᠠᠢᠯᠵᠤ ᠴᠢᠳᠠᠬᠤ ᠦᠭᠡᠢ᠃ 28 ᠬᠠᠷᠢᠨ ᠨᠢᠭᠤᠴᠠ ᠶᠢ ᠢᠯᠡᠴᠢᠯᠡᠭᠴᠢ ᠪᠤᠷᠬᠠᠨ ᠲᠩᠷᠢ ᠳᠤ ᠪᠠᠢᠳᠠᠭ᠂ ᠲᠡᠷᠡ ᠪᠡᠷ ᠨᠧᠪᠦ᠋ᠺᠠᠨᠧᠽᠠᠷ ᠬᠠᠭᠠᠨ ᠳᠤ ᠬᠣᠵᠢᠮ ᠤᠨ ᠡᠳᠦᠷ ᠤᠳ ᠲᠤ ᠶᠠᠭᠤ ᠲᠣᠬᠢᠶᠠᠯᠳᠤᠬᠤ ᠶᠢ ᠮᠡᠳᠡᠭᠦᠯᠦᠭᠰᠡᠨ ᠪᠠᠢᠨ᠎ᠠ᠃ ᠲᠠ ᠣᠷᠣ ᠳᠡᠭᠡᠷ᠎ᠡ ᠪᠡᠨ ᠪᠠᠢᠬᠤ ᠳᠤ᠂ ᠲᠠᠷᠢᠬᠢᠨ ᠳᠤ ᠴᠢᠨᠢ ᠣᠷᠣᠭᠰᠠᠨ ᠵᠡᠭᠦᠳᠦ ᠪᠠ ᠦᠵᠡᠭᠳᠡᠯ ᠡᠢᠮᠦ ᠪᠠᠢᠨ᠎ᠠ᠄ 29 ᠬᠠᠭᠠᠨᠲᠠᠨ ᠲᠠ ᠣᠷᠣ ᠳᠡᠭᠡᠷ᠎ᠡ ᠪᠡᠨ ᠪᠠᠢᠬᠤ ᠳᠠᠭᠠᠨ ᠬᠣᠵᠢᠮ ᠶᠠᠭᠤ ᠲᠣᠬᠢᠶᠠᠯᠳᠤᠬᠤ ᠶᠢ ᠪᠣᠳᠣᠭᠰᠠᠨ ᠳᠤ᠂ ᠨᠢᠭᠤᠴᠠ ᠶᠢ ᠢᠯᠡᠴᠢᠯᠡᠳᠡᠭ ᠨᠢᠭᠡᠨ ᠲᠠᠨ ᠳᠤ ᠶᠠᠭᠤ ᠲᠣᠬᠢᠶᠠᠯᠳᠤᠬᠤ ᠶᠢ ᠮᠡᠳᠡᠭᠦᠯᠦᠭᠰᠡᠨ ᠪᠠᠢᠨ᠎ᠠ᠃ 30 ᠭᠡᠪᠡᠴᠦ ᠨᠠᠳᠠ ᠳᠤ ᠡᠨᠡ ᠨᠢᠭᠤᠴᠠ ᠢᠯᠡᠷᠬᠡᠶᠢᠯᠡᠭᠳᠡᠭᠰᠡᠨ ᠨᠢ ᠮᠢᠨᠦ ᠮᠡᠷᠭᠡᠨ ᠤᠬᠠᠭᠠᠨ ᠠᠮᠢᠳᠤ ᠪᠦᠬᠦᠨ ᠦ ᠬᠢ ᠡᠴᠡ ᠢᠯᠡᠭᠦᠦ ᠶᠢᠨ ᠬᠢ ᠪᠢᠰᠢ᠂ ᠬᠠᠷᠢᠨ ᠬᠠᠭᠠᠨ ᠲᠠᠨ ᠢ ᠡᠨᠡ ᠲᠠᠢᠯᠤᠯ ᠢ ᠮᠡᠳᠡᠵᠦ᠂ ᠥᠪᠡᠷ ᠦᠨ ᠢᠶᠠᠨ ᠰᠠᠨᠠᠭ᠎ᠠ ᠪᠣᠳᠣᠯ ᠢ ᠣᠢᠯᠠᠭᠠᠭ ᠭᠡᠰᠡᠨ ᠦ ᠤᠴᠢᠷ ᠶᠤᠮ᠃

31 ᠬᠠᠭᠠᠨᠲᠠᠨ ᠲᠠ ᠨᠢᠭᠡᠨ ᠠᠰᠤᠷᠤ ᠲᠣᠮᠣ ᠱᠤᠭᠤᠮᠠᠯ ᠬᠠᠷᠠᠭᠰᠠᠨ ᠪᠠᠢᠨ᠎ᠠ᠃ ᠲᠡᠷᠡ ᠱᠤᠭᠤᠮᠠᠯ ᠠᠪᠤᠷᠭᠤ ᠪᠡᠶ᠎ᠡ ᠲᠠᠢ᠂ ᠣᠨᠴᠠᠭᠠᠢ ᠭᠡᠭᠡ ᠲᠠᠢ᠂ ᠮᠥᠨ ᠠᠶᠤᠮᠰᠢᠭᠲᠤ ᠲᠥᠷᠬᠥ ᠲᠠᠢ ᠪᠥᠭᠡᠳ ᠲᠠᠨ ᠤ ᠡᠮᠦᠨ᠎ᠡ ᠵᠣᠭᠰᠣᠵᠤ ᠪᠠᠢᠯ᠎ᠠ᠃ 32 ᠲᠡᠷᠡ ᠱᠤᠭᠤᠮᠠᠯ ᠤᠨ ᠲᠣᠯᠣᠭᠠᠢ ᠨᠢ ᠰᠢᠵᠢᠷ ᠠᠯᠲᠠ᠂ ᠴᠡᠭᠡᠵᠢ ᠪᠠ ᠬᠣᠶᠠᠷ ᠭᠠᠷ ᠨᠢ ᠮᠥᠩᠭᠥ᠂ ᠬᠡᠪᠡᠯᠢ ᠪᠠ ᠭᠤᠶ᠎ᠠ ᠨᠢ ᠬᠦᠷᠡᠯ᠂ 33 ᠰᠢᠯᠪᠢ ᠨᠢ ᠲᠡᠮᠦᠷ᠂ ᠲᠠᠪᠠᠬᠠᠢ ᠶᠢᠨ ᠬᠡᠰᠡᠭ ᠨᠢ ᠲᠡᠮᠦᠷ᠂ ᠬᠡᠰᠡᠭ ᠨᠢ ᠰᠢᠪᠠᠷ ᠪᠠᠢᠪᠠ᠃ 34 ᠲᠠ ᠬᠠᠷᠠᠵᠤ ᠪᠠᠢᠬᠤ ᠳᠤ᠂ ᠬᠥᠮᠦᠨ ᠦ ᠭᠠᠷ ᠬᠦᠷᠦᠭᠡ ᠦᠭᠡᠢ ᠪᠠᠷ ᠨᠢᠭᠡᠨ ᠴᠢᠯᠠᠭᠤ ᠴᠠᠪᠴᠢᠭᠳᠠᠵᠤ᠂ ᠲᠡᠷᠡ ᠱᠤᠭᠤᠮᠠᠯ ᠢ ᠲᠡᠮᠦᠷ ᠪᠠ ᠰᠢᠪᠠᠷ ᠲᠠᠪᠠᠬᠠᠢ ᠳᠡᠭᠡᠷ᠎ᠡ ᠨᠢ ᠴᠣᠬᠢᠵᠤ ᠪᠤᠲᠠᠯᠵᠠᠢ᠃ 35 ᠲᠡᠭᠡᠲᠡᠯ᠎ᠡ ᠲᠡᠮᠦᠷ᠂ ᠰᠢᠪᠠᠷ᠂ ᠬᠦᠷᠡᠯ᠂ ᠮᠥᠩᠭᠥ᠂ ᠠᠯᠲᠠ ᠨᠢ ᠪᠦᠭᠦᠳᠡ ᠵᠡᠷᠭᠡ ᠪᠡᠷ ᠪᠤᠲᠠᠷᠠᠨ᠂ ᠵᠤᠨ ᠲᠡᠭᠡᠷᠮᠡᠳᠡᠭᠰᠡᠨ ᠲᠠᠷᠢᠶᠠᠨ ᠤ ᠬᠡᠪᠡᠭ ᠮᠡᠲᠦ ᠪᠣᠯᠵᠤ ᠰᠠᠯᠬᠢᠨ ᠳᠤ ᠬᠡᠶᠢᠰᠦᠭᠡᠳ ᠣᠷᠣ ᠮᠥᠷ ᠦᠭᠡᠢ ᠪᠣᠯᠪᠠ᠃ ᠬᠠᠷᠢᠨ ᠲᠡᠷᠡ ᠱᠤᠭᠤᠮᠠᠯ ᠢ ᠴᠣᠬᠢᠭᠰᠠᠨ ᠴᠢᠯᠠᠭᠤ ᠲᠣᠮᠣ ᠠᠭᠤᠯᠠ ᠪᠣᠯᠣᠭᠠᠳ ᠪᠦᠬᠦ ᠳᠡᠯᠡᠬᠡᠢ ᠶᠢ ᠳᠦᠭᠦᠷᠭᠡᠵᠡᠢ᠃

36 ᠵᠡᠭᠦᠳᠦ ᠡᠢᠮᠦ ᠪᠠᠢᠭᠰᠠᠨ᠂ ᠣᠳᠣ ᠪᠢᠳᠡ ᠬᠠᠭᠠᠨ ᠤ ᠡᠮᠦᠨ᠎ᠡ ᠲᠡᠭᠦᠨ ᠦ ᠲᠠᠢᠯᠤᠯ ᠢ ᠠᠢᠯᠠᠳᠬᠠᠶ᠎ᠠ᠃ 37 ᠬᠠᠭᠠᠨᠲᠠᠨ ᠲᠠ ᠪᠣᠯ ᠬᠠᠭᠠᠳ ᠤᠨ ᠬᠠᠭᠠᠨ᠃ ᠲᠩᠷᠢ ᠶᠢᠨ ᠪᠤᠷᠬᠠᠨ ᠲᠠᠨ ᠳᠤ ᠬᠠᠭᠠᠨᠴᠢᠯᠠᠯ᠂ ᠬᠦᠴᠦ ᠴᠢᠳᠠᠯ ᠪᠠ ᠠᠯᠳᠠᠷ ᠰᠣᠶᠣᠷᠬᠠᠵᠤ᠂ 38 ᠣᠷᠣᠰᠢᠨ ᠠᠮᠢᠳᠤᠷᠠᠵᠤ ᠪᠣᠯᠬᠤ ᠪᠦᠬᠦ ᠭᠠᠵᠠᠷ ᠤᠨ ᠬᠥᠮᠦᠨ ᠦ ᠬᠥᠪᠡᠭᠦᠳ ᠢ ᠬᠡᠭᠡᠷ᠎ᠡ ᠶᠢᠨ ᠠᠷᠢᠶᠠᠲᠠᠨ ᠪᠠ ᠣᠭᠲᠠᠷᠭᠤᠢ ᠶᠢᠨ ᠰᠢᠪᠠᠭᠤᠳ ᠲᠠᠢ ᠬᠠᠮᠲᠤ ᠲᠠᠨ ᠤ ᠭᠠᠷ ᠲᠤ ᠲᠤᠰᠢᠶᠠᠵᠤ᠂ ᠲᠠᠨ ᠢ ᠲᠡᠳᠡᠨ ᠦ ᠵᠠᠬᠢᠷᠤᠭᠴᠢ ᠪᠠᠷ ᠲᠣᠮᠢᠯᠠᠭᠰᠠᠨ ᠲᠤᠯᠠ ᠠᠯᠲᠠᠨ ᠲᠣᠯᠣᠭᠠᠢ ᠨᠢ ᠲᠠ ᠪᠢᠯᠡ᠃ 39 ᠲᠠᠨ ᠠᠴᠠ ᠬᠣᠢᠰᠢ ᠲᠠᠨ ᠤ ᠬᠢ ᠡᠴᠡ ᠪᠠᠭᠤᠷᠠᠢ ᠨᠢᠭᠡᠨ ᠬᠠᠭᠠᠨᠴᠢᠯᠠᠯ ᠪᠣᠰᠬᠤ ᠪᠥᠭᠡᠳ ᠳᠠᠷᠠᠭ᠎ᠠ ᠨᠢ ᠭᠤᠷᠪᠠᠳᠠᠬᠢ ᠬᠦᠷᠡᠯ ᠬᠠᠭᠠᠨᠴᠢᠯᠠᠯ ᠪᠣᠰᠴᠤ᠂ ᠪᠦᠬᠦ ᠳᠡᠯᠡᠬᠡᠢ ᠶᠢ ᠵᠠᠬᠢᠷᠤᠨ᠎ᠠ᠃ 40 ᠳᠥᠷᠪᠡᠳᠡᠬᠢ ᠬᠠᠭᠠᠨᠴᠢᠯᠠᠯ ᠨᠢ ᠲᠡᠮᠦᠷ ᠮᠡᠲᠦ ᠬᠦᠴᠦᠲᠡᠢ᠂ ᠲᠡᠮᠦᠷ ᠨᠢ ᠬᠠᠮᠤᠭ ᠶᠠᠭᠤᠮ᠎ᠠ ᠶᠢ ᠪᠤᠲᠠᠯᠵᠤ ᠨᠤᠷᠠᠭᠠᠳᠠᠭ ᠤᠨ ᠠᠳᠠᠯᠢ ᠲᠡᠷᠡ ᠴᠤ ᠪᠤᠲᠠᠯᠤᠭᠴᠢ ᠲᠡᠮᠦᠷ ᠪᠣᠯᠵᠤ᠂ ᠪᠤᠰᠤᠳ ᠪᠦᠭᠦᠳᠡ ᠶᠢ ᠪᠤᠲᠠᠯᠵᠤ ᠪᠤᠲᠠᠷᠠᠭᠠᠨ᠎ᠠ᠃ 41 ᠲᠠᠨ ᠤ ᠬᠠᠷᠠᠭᠰᠠᠨ ᠲᠡᠮᠦᠷ᠂ ᠰᠢᠪᠠᠷ ᠲᠠᠪᠠᠬᠠᠢ ᠪᠣᠯᠣᠨ ᠬᠤᠷᠤᠭᠤ ᠨᠤᠭᠤᠳ ᠨᠢ ᠬᠤᠪᠢᠶᠠᠭᠳᠠᠭᠰᠠᠨ ᠬᠠᠭᠠᠨᠴᠢᠯᠠᠯ ᠪᠠᠢᠬᠤ ᠪᠣᠯᠣᠨ᠎ᠠ᠃ ᠲᠠᠨ ᠤ ᠬᠠᠷᠠᠭᠰᠠᠨᠴᠢᠯᠠᠨ ᠲᠡᠮᠦᠷ ᠨᠢ ᠵᠥᠭᠡᠯᠡᠨ ᠰᠢᠪᠠᠷ ᠲᠠᠢ ᠬᠣᠯᠢᠯᠳᠤᠭᠰᠠᠨ ᠲᠤᠯᠠ ᠲᠡᠷᠡ ᠬᠠᠭᠠᠨᠴᠢᠯᠠᠯ ᠲᠡᠮᠦᠷ ᠮᠡᠲᠦ ᠬᠦᠴᠦᠲᠡᠢ᠃ 42 ᠬᠤᠷᠤᠭᠤ ᠨᠤᠭᠤᠳ ᠤᠨ ᠬᠢᠨᠢ ᠬᠡᠰᠡᠭ ᠨᠢ ᠲᠡᠮᠦᠷ ᠬᠢᠭᠡᠳ ᠬᠡᠰᠡᠭ ᠨᠢ ᠰᠢᠪᠠᠷ ᠪᠠᠢᠭᠰᠠᠨ ᠲᠠᠢ ᠠᠳᠠᠯᠢ ᠲᠡᠷᠡ ᠬᠠᠭᠠᠨᠴᠢᠯᠠᠯ ᠤᠨ ᠵᠠᠷᠢᠮ ᠬᠡᠰᠡᠭ ᠨᠢ ᠬᠦᠴᠦᠲᠡᠢ᠂ ᠵᠠᠷᠢᠮ ᠬᠡᠰᠡᠭ ᠨᠢ ᠬᠡᠪᠡᠷᠡᠭ ᠪᠠᠢᠬᠤ ᠪᠣᠯᠣᠨ᠎ᠠ᠃ 43 ᠲᠡᠮᠦᠷ ᠵᠥᠭᠡᠯᠡᠨ ᠰᠢᠪᠠᠷ ᠲᠠᠢ ᠬᠣᠯᠢᠯᠳᠤᠭᠰᠠᠨ ᠢ ᠲᠠ ᠬᠠᠷᠠᠭᠰᠠᠨ᠂ ᠡᠭᠦᠨ ᠲᠡᠢ ᠠᠳᠠᠯᠢ ᠲᠡᠳᠡ ᠬᠣᠭᠣᠷᠣᠨᠳᠣ ᠪᠠᠨ 1 ᠬᠣᠯᠢᠯᠳᠤᠬᠤ ᠪᠣᠯᠪᠠᠴᠤ ᠲᠡᠮᠦᠷ ᠰᠢᠪᠠᠷ ᠲᠠᠢ ᠬᠣᠯᠢᠭᠳᠠᠬᠤ ᠦᠭᠡᠢ ᠶᠢᠨ ᠠᠳᠠᠯᠢ ᠲᠡᠳᠡ ᠬᠣᠭᠣᠷᠣᠨᠳᠣ ᠪᠠᠨ ᠨᠠᠭᠠᠯᠳᠤᠬᠤ ᠦᠭᠡᠢ᠃ 44 ᠲᠡᠳᠡᠭᠡᠷ ᠬᠠᠭᠠᠨ ᠤ ᠡᠳᠦᠷ ᠤᠳ ᠲᠤ ᠲᠩᠷᠢ ᠶᠢᠨ ᠪᠤᠷᠬᠠᠨ ᠤᠰᠠᠳᠤᠰᠢ ᠦᠭᠡᠢ ᠮᠥᠩᠬᠡ ᠶᠢᠨ ᠬᠠᠭᠠᠨᠴᠢᠯᠠᠯ᠂ ᠥᠭᠡᠷ᠎ᠡ ᠦᠨᠳᠦᠰᠦᠲᠡᠨ ᠦ ᠭᠠᠷ ᠲᠤ ᠣᠷᠣᠰᠢ ᠦᠭᠡᠢ ᠬᠠᠭᠠᠨᠴᠢᠯᠠᠯ ᠢ ᠪᠣᠰᠬᠠᠨ᠎ᠠ᠃ ᠲᠡᠷᠡ ᠬᠠᠭᠠᠨᠴᠢᠯᠠᠯ ᠡᠳᠡᠭᠡᠷ ᠬᠠᠭᠠᠨᠴᠢᠯᠠᠯ ᠢ ᠪᠤᠲᠠᠯᠤᠨ ᠡᠴᠦᠰᠯᠡᠭᠦᠯᠵᠦ ᠥᠪᠡᠷ ᠢᠶᠡᠨ ᠮᠥᠩᠬᠡᠳᠡ ᠲᠣᠭᠲᠠᠨ᠎ᠠ᠃

45 ᠨᠢᠭᠡᠨ ᠴᠢᠯᠠᠭᠤ ᠬᠥᠮᠦᠨ ᠦ ᠭᠠᠷ ᠬᠦᠷᠦᠭᠡ ᠦᠭᠡᠢ ᠪᠠᠷ ᠠᠭᠤᠯᠠᠨ ᠠᠴᠠ ᠴᠠᠪᠴᠢᠭᠳᠠᠨ᠂ ᠲᠡᠮᠦᠷ᠂ ᠬᠦᠷᠡᠯ᠂ ᠰᠢᠪᠠᠷ᠂ ᠮᠥᠩᠭᠥ᠂ ᠠᠯᠲᠠ ᠶᠢ ᠪᠤᠲᠠᠯᠬᠤ ᠶᠢ ᠲᠠ ᠬᠠᠷᠠᠭᠰᠠᠨ ᠪᠢᠯᠡ᠃ ᠲᠡᠢᠨ ᠬᠦ ᠠᠭᠤᠤ ᠶᠡᠬᠡ ᠪᠤᠷᠬᠠᠨ ᠬᠣᠵᠢᠮ ᠶᠠᠭᠤ ᠲᠣᠬᠢᠶᠠᠯᠳᠤᠬᠤ ᠲᠤᠬᠠᠢ ᠬᠠᠭᠠᠨ ᠳᠤ ᠮᠡᠳᠡᠭᠦᠯᠦᠭᠰᠡᠨ ᠶᠤᠮ᠃ ᠡᠨᠡ ᠵᠡᠭᠦᠳᠦ ᠪᠣᠳᠠᠲᠠᠢ ᠪᠥᠭᠡᠳ ᠲᠠᠢᠯᠤᠯ ᠨᠢ ᠢᠲᠡᠭᠡᠮᠵᠢᠲᠡᠢ ᠶᠤᠮ》 ᠭᠡᠯ᠎ᠡ᠃ 46 ᠲᠡᠭᠡᠬᠦ ᠳᠦ ᠨᠧᠪᠦ᠋ᠺᠠᠨᠧᠽᠠᠷ ᠬᠠᠭᠠᠨ ᠨᠢᠭᠤᠷ ᠢᠶᠠᠨ ᠭᠠᠵᠠᠷ ᠨᠠᠭᠠᠨ᠂ ᠳ᠋ᠠᠨᠢᠶᠧᠯ ᠳᠤ ᠮᠡᠬᠦᠢᠭᠰᠡᠨ ᠪᠠ ᠲᠡᠭᠦᠨ ᠳᠦ ᠡᠷᠭᠦᠯ ᠪᠠ ᠤᠲᠤᠯᠭ᠎ᠠ ᠡᠷᠭᠦᠬᠦ ᠶᠢ ᠲᠤᠰᠢᠶᠠᠪᠠ᠃ 47 ᠬᠠᠭᠠᠨ ᠳ᠋ᠠᠨᠢᠶᠧᠯ ᠳᠤ᠄ 《ᠴᠢ ᠡᠨᠡ ᠨᠢᠭᠤᠴᠠ ᠶᠢ ᠢᠯᠡᠴᠢᠯᠡᠵᠦ ᠴᠢᠳᠠᠭᠰᠠᠨ ᠲᠤᠯᠠ ᠲᠠ ᠨᠠᠷ ᠤᠨ ᠪᠤᠷᠬᠠᠨ ᠦᠨᠡᠬᠡᠷ ᠪᠤᠷᠬᠠᠳ ᠤᠨ ᠪᠤᠷᠬᠠᠨ᠂ ᠬᠠᠭᠠᠳ ᠤᠨ ᠡᠵᠡᠨ᠂ ᠨᠢᠭᠤᠴᠠ ᠶᠢ ᠢᠯᠡᠴᠢᠯᠡᠭᠴᠢ ᠮᠥᠨ》 ᠭᠡᠪᠡ᠃ 48 ᠬᠠᠭᠠᠨ ᠳ᠋ᠠᠨᠢᠶᠧᠯ ᠢ ᠡᠷᠭᠦᠮᠵᠢᠯᠡᠭᠰᠡᠨ ᠪᠠ ᠣᠯᠠᠨ ᠬᠦᠨᠳᠦ ᠪᠡᠯᠡᠭ ᠥᠭᠭᠥᠭᠡᠳ᠂ ᠪᠠᠪᠢᠯᠣᠨ ᠤ ᠪᠦᠬᠦ ᠮᠤᠵᠢ ᠶᠢ ᠲᠡᠭᠦᠨ ᠢᠶᠡᠷ ᠵᠠᠬᠢᠷᠤᠭᠤᠯᠵᠤ᠂ ᠪᠠᠪᠢᠯᠣᠨ ᠤ ᠬᠠᠮᠤᠭ ᠮᠡᠷᠭᠡᠳ ᠦᠨ ᠲᠡᠷᠢᠭᠦᠨ ᠵᠠᠬᠢᠷᠤᠭᠴᠢ ᠪᠣᠯᠭᠠᠪᠠ᠃ 49 ᠬᠠᠭᠠᠨ ᠳ᠋ᠠᠨᠢᠶᠧᠯ ᠤᠨ ᠬᠦᠰᠡᠯᠲᠡ ᠶᠢᠨ ᠳᠠᠭᠠᠤ ᠱᠠᠳ᠋ᠷᠠᠺ᠂ ᠮᠧᠱᠠᠺ᠂ ᠠᠪᠧᠳ᠋ ᠨᠧᠭᠣ᠋ ᠪᠠᠷ ᠪᠠᠪᠢᠯᠣᠨ ᠤ ᠮᠤᠵᠢ ᠶᠢᠨ ᠵᠠᠬᠢᠷᠭ᠎ᠠ ᠶᠢ ᠬᠠᠷᠢᠭᠤᠴᠠᠭᠤᠯᠪᠠ᠃ ᠳ᠋ᠠᠨᠢᠶᠧᠯ ᠬᠠᠭᠠᠨ ᠤ ᠣᠷᠳᠣᠨ ᠳᠤ ᠪᠠᠢᠳᠠᠭ ᠪᠣᠯᠪᠠ᠃