ᠳ᠋ᠠᠨᠢᠶᠧᠯ ᠵᠢᠷᠭᠤᠭ᠎ᠠ
ᠠᠷᠰᠯᠠᠨ ᠤ ᠨᠦᠬᠡᠨ ᠳᠦ ᠬᠠᠶᠠᠭᠳᠠᠭᠰᠠᠨ ᠳ᠋ᠠᠨᠢᠶᠧᠯ
1 ᠳ᠋ᠠᠷᠢᠶᠦ᠋ ᠪᠦᠬᠦ ᠬᠠᠭᠠᠨᠴᠢᠯᠠᠯ ᠢᠶᠠᠨ ᠵᠠᠬᠢᠷᠤᠭᠤᠯᠬᠤ ᠪᠠᠷ ᠬᠠᠭᠠᠨᠴᠢᠯᠠᠯ ᠤᠨ ᠢᠶᠠᠨ ᠳᠡᠭᠡᠷ᠎ᠡ ᠵᠠᠭᠤ ᠬᠣᠷᠢᠨ ᠠᠬᠠᠯᠠᠭᠴᠢ ᠶᠢ ᠲᠣᠮᠢᠯᠠᠨ᠂ 2 ᠮᠥᠨ ᠲᠡᠳᠡᠨ ᠦ ᠳᠡᠭᠡᠷ᠎ᠡ ᠭᠤᠷᠪᠠᠨ ᠰᠠᠢᠳ ᠢ ᠲᠣᠮᠢᠯᠠᠬᠤ ᠨᠢ ᠰᠠᠢᠨ ᠭᠡᠵᠦ ᠦᠵᠡᠪᠡ᠃ ᠲᠡᠷᠡ ᠭᠤᠷᠪᠠ ᠶᠢᠨ ᠨᠢᠭᠡ ᠨᠢ ᠳ᠋ᠠᠨᠢᠶᠧᠯ ᠪᠠᠢᠯ᠎ᠠ᠃ ᠰᠠᠢᠳ ᠨᠠᠷ ᠨᠢ ᠬᠠᠭᠠᠨ ᠢ ᠬᠣᠬᠢᠷᠠᠯ ᠠᠴᠠ ᠬᠠᠮᠠᠭᠠᠯᠠᠬᠤ ᠶᠢᠨ ᠲᠤᠯᠠᠳᠠ ᠠᠬᠠᠯᠠᠭᠴᠢᠳ ᠢᠶᠠᠷ ᠲᠣᠭᠠᠴᠠᠭ᠎ᠠ ᠬᠢᠯᠭᠡᠬᠦ ᠬᠡᠷᠡᠭ ᠲᠡᠢ ᠪᠠᠢᠵᠠᠢ᠃ 3 ᠣᠨᠴᠠᠭᠠᠢ ᠰᠦᠨᠡᠰᠦ ᠲᠠᠢ ᠳ᠋ᠠᠨᠢᠶᠧᠯ ᠪᠤᠰᠤᠳ ᠰᠠᠢᠳ ᠠᠬᠠᠯᠠᠭᠴᠢᠳ ᠠᠴᠠ ᠣᠷᠣᠢᠯᠠᠭᠰᠠᠨ ᠤᠴᠢᠷ ᠠᠴᠠ ᠬᠠᠭᠠᠨ ᠲᠡᠭᠦᠨ ᠢᠶᠡᠷ ᠪᠦᠬᠦ ᠬᠠᠭᠠᠨᠴᠢᠯᠠᠯ ᠢᠶᠠᠨ ᠵᠠᠬᠢᠷᠤᠭᠤᠯᠬᠤ ᠪᠠᠷ ᠲᠥᠯᠥᠪᠯᠡᠵᠦ ᠪᠠᠢᠪᠠ᠃ 4 ᠡᠢᠮᠦ ᠡᠴᠡ ᠰᠠᠢᠳ ᠨᠠᠷ ᠪᠣᠯᠣᠨ ᠠᠬᠠᠯᠠᠭᠴᠢᠳ ᠳ᠋ᠠᠨᠢᠶᠧᠯ ᠡᠴᠡ ᠵᠠᠰᠠᠭ ᠤᠨ ᠠᠵᠢᠯ ᠤᠨ ᠬᠢᠨᠢ ᠲᠠᠯ᠎ᠠ ᠪᠠᠷ ᠪᠤᠷᠤᠭᠤᠳᠬᠠᠬᠤ ᠰᠢᠯᠲᠠᠭ ᠡᠷᠢᠵᠦ ᠪᠠᠢᠯ᠎ᠠ᠃ ᠬᠠᠷᠢᠨ ᠲᠡᠳᠡ ᠶᠠᠮᠠᠷ ᠴᠤ ᠥ ᠰᠡᠪ ᠣᠯᠵᠤ ᠴᠢᠳᠠᠭᠰᠠᠨ ᠦᠭᠡᠢ᠃ ᠲᠡᠷᠡ ᠢᠲᠡᠭᠡᠮᠵᠢᠲᠡᠢ ᠪᠠᠢᠭᠰᠠᠨ᠂ ᠲᠡᠭᠦᠨ ᠡᠴᠡ ᠶᠠᠮᠠᠷ ᠴᠤ ᠬᠠᠰᠢ ᠶᠠᠰᠢ ᠪᠤᠶᠤ ᠵᠥᠪ ᠪᠤᠰᠤ ᠶᠠᠪᠤᠳᠠᠯ ᠣᠯᠳᠠᠭᠰᠠᠨ ᠦᠭᠡᠢ᠃ 5 ᠬᠣᠵᠢᠮ ᠨᠢ ᠲᠡᠷᠡ ᠬᠥᠮᠦᠰ᠄ 《ᠡᠨᠡ ᠳ᠋ᠠᠨᠢᠶᠧᠯ ᠡᠴᠡ ᠪᠤᠷᠤᠭᠤᠳᠬᠠᠬᠤ ᠰᠢᠯᠲᠠᠭ ᠣᠯᠣᠶ᠎ᠠ ᠭᠡᠪᠡᠯ ᠥᠪᠡᠷ ᠦᠨ ᠬᠢᠨᠢ ᠪᠤᠷᠬᠠᠨ ᠤ ᠬᠠᠤᠯᠢ ᠶᠢᠨ ᠲᠠᠯ᠎ᠠ ᠠᠴᠠ ᠯᠠ ᠣᠯᠬᠤ ᠬᠡᠷᠡᠭᠲᠡᠢ》 ᠭᠡᠯᠴᠡᠵᠦ ᠪᠠᠢᠯ᠎ᠠ᠃
6 ᠲᠡᠭᠡᠭᠡᠳ ᠰᠠᠢᠳ ᠨᠠᠷ ᠪᠣᠯᠣᠨ ᠠᠬᠠᠯᠠᠭᠴᠢᠳ ᠣᠯᠠᠭᠤᠯᠠ ᠪᠠᠨ ᠬᠠᠭᠠᠨ ᠳᠤ ᠪᠠᠷᠠᠭᠠᠯᠬᠠᠵᠤ᠄ 《ᠳ᠋ᠠᠷᠢᠶᠦ᠋ ᠬᠠᠭᠠᠨᠲᠠᠨ ᠮᠥᠩᠬᠡ ᠨᠠᠰᠤᠯᠠᠲᠤᠭᠠᠢ︕ 7 ᠬᠠᠭᠠᠨᠴᠢᠯᠠᠯ ᠤᠨ ᠰᠠᠢᠳ ᠨᠠᠷ᠂ ᠨᠣᠶᠠᠳ᠂ ᠠᠬᠠᠯᠠᠭᠴᠢᠳ᠂ ᠵᠥᠪᠯᠡᠭᠴᠢᠳ ᠪᠣᠯᠣᠨ ᠵᠠᠬᠢᠷᠤᠭᠴᠢᠳ ᠪᠦᠭᠦᠳᠡ ᠵᠥᠪᠯᠡᠯᠳᠦᠭᠡᠳ ᠬᠠᠭᠠᠨ ᠢᠶᠠᠷ ᠵᠠᠷᠯᠢᠭ ᠭᠠᠷᠭᠠᠭᠤᠯᠵᠤ᠂ ᠢᠷᠡᠬᠦ ᠭᠤᠴᠢ ᠬᠣᠨᠣᠭ ᠤᠨ ᠲᠤᠷᠰᠢᠳᠠ ᠬᠠᠭᠠᠨᠲᠠᠨ ᠲᠠᠨ ᠠᠴᠠ ᠥᠭᠡᠷ᠎ᠡ ᠠᠯᠢ ᠨᠢᠭᠡ ᠪᠤᠷᠬᠠᠨ ᠳᠤ᠂ ᠡᠰᠡᠪᠡᠯ ᠬᠥᠮᠦᠨ ᠳᠦ ᠭᠤᠶᠤᠯᠲᠠ ᠪᠠᠨ ᠡᠷᠭᠦᠬᠦ ᠬᠥᠮᠦᠨ ᠪᠣᠯᠭᠠᠨ ᠢ ᠠᠷᠰᠯᠠᠨ ᠤ ᠨᠦᠬᠡᠨ ᠳᠦ ᠬᠠᠶᠠᠬᠤ ᠲᠤᠰᠢᠶᠠᠯ ᠢ ᠠᠯᠪᠠᠳᠠᠨ ᠵᠢᠷᠤᠮᠯᠠᠭᠤᠯᠬᠤ ᠬᠡᠷᠡᠭᠲᠡᠢ ᠭᠡᠵᠦ ᠦᠵᠡᠯ᠎ᠡ᠃ 8 ᠬᠠᠭᠠᠨᠲᠠᠨ ᠮᠢᠨᠢ᠂ ᠣᠳᠣ ᠲᠤᠰᠢᠶᠠᠯ ᠪᠠᠭᠤᠯᠭᠠᠵᠤ᠂ ᠪᠢᠴᠢᠭ ᠳᠡᠭᠡᠷ᠎ᠡ ᠲᠠᠮᠠᠭ᠎ᠠ ᠳᠠᠷᠤᠨ᠎ᠠ ᠤᠤ︖ ᠲᠡᠭᠦᠨ ᠢ ᠮᠧᠳᠧ ᠪᠠ ᠫᠧᠷᠰ ᠤᠨ ᠬᠤᠪᠢᠷᠠᠰᠢ ᠦᠭᠡᠢ ᠬᠠᠤᠯᠢ ᠶᠢᠨ ᠠᠳᠠᠯᠢ ᠥᠭᠡᠷᠡᠴᠢᠯᠡᠭᠳᠡᠰᠢ ᠦᠭᠡᠢ ᠪᠣᠯᠭᠠᠭᠠᠴᠢ》 ᠭᠡᠵᠡᠭᠡᠪᠡ᠃ 9 ᠢᠩᠭᠢᠭᠡᠳ ᠳ᠋ᠠᠷᠢᠶᠦ᠋ ᠬᠠᠭᠠᠨ ᠥᠨᠥᠬᠢ ᠲᠤᠰᠢᠶᠠᠯ ᠤᠨ ᠪᠢᠴᠢᠭ ᠳᠡᠭᠡᠷ᠎ᠡ ᠲᠠᠮᠠᠭ᠎ᠠ ᠳᠠᠷᠤᠭᠰᠠᠨ ᠪᠠᠢᠨ᠎ᠠ᠃
10 ᠬᠠᠷᠢᠨ ᠳ᠋ᠠᠨᠢᠶᠧᠯ ᠪᠢᠴᠢᠭ ᠳᠡᠭᠡᠷ᠎ᠡ ᠲᠠᠮᠠᠭ᠎ᠠ ᠳᠠᠷᠤᠭᠰᠠᠨ ᠢ ᠨᠢ ᠮᠡᠳᠡᠭᠰᠡᠨ ᠪᠣᠯᠪᠠᠴᠤ ᠭᠡᠷ ᠲᠡᠭᠡᠨ ᠬᠠᠷᠢᠭᠰᠠᠨ ᠤ ᠳᠠᠷᠠᠭ᠎ᠠ᠂ ᠳᠡᠭᠡᠳᠦ ᠳᠠᠪᠬᠤᠷ ᠳᠠᠬᠢ ᠶᠧᠷᠦ᠋ᠰᠠᠯᠧᠮ ᠤᠷᠤᠭᠤ ᠬᠠᠷᠠᠭᠰᠠᠨ ᠨᠡᠭᠡᠭᠡᠯᠲᠡ ᠲᠠᠢ ᠴᠣᠩ᠋ᠬᠣ ᠪᠦᠬᠦᠢ ᠥᠷᠥᠭᠡᠨ ᠳᠡᠭᠡᠨ ᠤᠷᠢᠳᠤ ᠶᠢᠨ ᠬᠢᠵᠦ ᠪᠠᠢᠭᠰᠠᠨ ᠶᠣᠰᠣᠭᠠᠷ ᠢᠶᠠᠨ ᠡᠳᠦᠷ ᠪᠦᠷᠢ ᠭᠤᠷᠪᠠ ᠤᠳᠠᠭ᠎ᠠ ᠡᠪᠦᠳᠦᠭ ᠰᠥᠭᠥᠳᠴᠦ᠂ ᠪᠤᠷᠬᠠᠨ ᠤ ᠪᠠᠨ ᠡᠮᠦᠨ᠎ᠡ ᠳᠠᠭᠠᠳᠬᠠᠨ ᠲᠠᠯᠠᠷᠬᠠᠯ ᠡᠷᠭᠦᠭᠰᠡᠭᠡᠷ ᠪᠠᠢᠯ᠎ᠠ᠃ 11 ᠨᠥᠭᠥᠭᠡ ᠬᠥᠮᠦᠰ ᠣᠯᠠᠭᠤᠯᠠ ᠪᠠᠨ ᠢᠷᠡᠵᠦ᠂ ᠳ᠋ᠠᠨᠢᠶᠧᠯ ᠤᠨ ᠪᠤᠷᠬᠠᠨ ᠤ ᠪᠠᠨ ᠡᠮᠦᠨ᠎ᠡ ᠳᠠᠭᠠᠳᠬᠠᠨ ᠭᠤᠶᠤᠵᠤ ᠪᠠᠢᠬᠤ ᠶᠢ ᠣᠯᠵᠤ ᠬᠠᠷᠠᠪᠠ᠃ 12 ᠲᠡᠳᠡ ᠬᠠᠭᠠᠨ ᠳᠤ ᠣᠴᠢᠵᠤ᠂ ᠬᠠᠭᠠᠨ ᠤ ᠨᠥᠭᠥᠭᠡ ᠲᠤᠰᠢᠶᠠᠯ ᠢ ᠰᠠᠨᠠᠭᠤᠯᠤᠨ᠄ 《ᠬᠠᠭᠠᠨᠲᠠᠨ ᠮᠢᠨᠢ᠂ ᠢᠷᠡᠬᠦ ᠭᠤᠴᠢ ᠬᠣᠨᠣᠭ ᠤᠨ ᠲᠤᠷᠰᠢᠳᠠ ᠲᠠᠨ ᠠᠴᠠ ᠥᠭᠡᠷ᠎ᠡ ᠠᠯᠢ ᠨᠢᠭᠡ ᠪᠤᠷᠬᠠᠨ ᠳᠤ᠂ ᠡᠰᠡᠪᠡᠯ ᠬᠥᠮᠦᠨ ᠳᠦ ᠭᠤᠶᠤᠯᠲᠠ ᠪᠠᠨ ᠡᠷᠭᠦᠬᠦ ᠬᠥᠮᠦᠨ ᠪᠣᠯᠭᠠᠨ ᠢ ᠠᠷᠰᠯᠠᠨ ᠤ ᠨᠦᠬᠡᠨ ᠳᠦ ᠬᠠᠶᠠᠨ᠎ᠠ ᠭᠡᠰᠡᠨ ᠲᠤᠰᠢᠶᠠᠯ ᠤᠨ ᠪᠢᠴᠢᠭ ᠳᠡᠭᠡᠷ᠎ᠡ ᠲᠠ ᠲᠠᠮᠠᠭ᠎ᠠ ᠳᠠᠷᠤᠭᠰᠠᠨ ᠪᠢᠰᠢ ᠤᠤ︖》 ᠭᠡᠵᠡᠭᠡᠬᠦ ᠳᠦ᠂ ᠬᠠᠭᠠᠨ᠄ 《ᠲᠡᠷᠡ ᠲᠤᠰᠢᠶᠠᠯ ᠮᠧᠳᠧ ᠪᠠ ᠫᠧᠷᠰ ᠤᠨ ᠬᠤᠪᠢᠷᠠᠰᠢ ᠦᠭᠡᠢ ᠬᠠᠤᠯᠢ ᠶᠢᠨ ᠠᠳᠠᠯᠢ ᠬᠦᠴᠦᠨ ᠲᠡᠢ》 ᠭᠡᠵᠦ ᠬᠠᠷᠢᠭᠤᠯᠪᠠ᠃ 13 ᠲᠡᠳᠡ ᠬᠠᠭᠠᠨ ᠳᠤ᠄ 《ᠶᠦᠳᠠ ᠠᠴᠠ ᠢᠷᠡᠭᠰᠡᠨ ᠣᠯᠵᠠᠯᠠᠭᠳᠠᠭᠰᠠᠳ ᠤᠨ ᠨᠢᠭᠡ ᠳ᠋ᠠᠨᠢᠶᠧᠯ ᠬᠠᠭᠠᠨᠲᠠᠨ ᠲᠠᠨ ᠢ ᠪᠣᠯᠣᠨ ᠲᠠᠨ ᠤ ᠲᠠᠮᠠᠭ᠎ᠠ ᠲᠠᠢ ᠲᠤᠰᠢᠶᠠᠯ ᠢ ᠦᠯᠦ ᠲᠣᠭᠣᠮᠰᠠᠷᠯᠠᠨ᠂ ᠡᠳᠦᠷ ᠲᠦ ᠭᠤᠷᠪᠠ ᠤᠳᠠᠭ᠎ᠠ ᠭᠤᠶᠤᠯᠲᠠ ᠪᠠᠨ ᠡᠷᠭᠦᠭᠰᠡᠭᠡᠷ ᠪᠠᠢᠨ᠎ᠠ》 ᠭᠡᠪᠡ᠃
14 ᠬᠠᠭᠠᠨ ᠡᠳᠡᠭᠡᠷ ᠦᠭᠡ ᠶᠢ ᠰᠣᠨᠣᠰᠣᠭᠠᠳ ᠶᠡᠬᠡᠳᠡ ᠵᠣᠪᠠᠪᠠ᠃ ᠲᠡᠷᠡ ᠪᠡᠷ ᠳ᠋ᠠᠨᠢᠶᠧᠯ ᠢ ᠠᠪᠤᠷᠠᠬᠤ ᠪᠠᠷ ᠰᠢᠢᠳᠴᠦ᠂ ᠲᠡᠭᠦᠨ ᠢ ᠬᠡᠯᠲᠦᠷᠢᠭᠦᠯᠬᠦ ᠪᠡᠷ ᠨᠠᠷᠠ ᠵᠢᠷᠭᠠᠲᠠᠯ᠎ᠠ ᠬᠢᠴᠢᠶᠡᠭᠰᠡᠨ ᠪᠠᠢᠯ᠎ᠠ᠃ 15 ᠲᠡᠭᠡᠲᠡᠯ᠎ᠡ ᠨᠥᠭᠥᠭᠡ ᠬᠥᠮᠦᠰ ᠣᠯᠠᠭᠤᠯᠠ ᠪᠠᠨ ᠬᠠᠭᠠᠨ ᠳᠡᠭᠡᠷ᠎ᠡ ᠢᠷᠡᠭᠡᠳ᠄ 《ᠬᠠᠭᠠᠨᠲᠠᠨ ᠮᠢᠨᠢ᠂ ᠮᠧᠳᠧ ᠪᠠ ᠫᠧᠷᠰ ᠤᠨ ᠬᠠᠤᠯᠢ ᠲᠠᠢ ᠠᠳᠠᠯᠢ ᠪᠠᠷ ᠬᠠᠭᠠᠨ ᠤ ᠲᠣᠭᠲᠠᠭᠠᠭᠰᠠᠨ ᠵᠠᠷᠯᠢᠭ᠂ ᠲᠤᠰᠢᠶᠠᠯ ᠥᠭᠡᠷᠡᠴᠢᠯᠡᠭᠳᠡᠵᠦ ᠪᠣᠯᠳᠠᠭ ᠦᠭᠡᠢ ᠶᠢ ᠰᠠᠨᠠᠭᠠᠴᠢ︕》 ᠭᠡᠪᠡ᠃
16 ᠲᠡᠭᠡᠭᠡᠳ ᠬᠠᠭᠠᠨ ᠲᠤᠰᠢᠶᠠᠯ ᠭᠠᠷᠭᠠᠭᠰᠠᠨ ᠪᠠ ᠲᠡᠳᠡ ᠳ᠋ᠠᠨᠢᠶᠧᠯ ᠢ ᠠᠪᠴᠢᠷᠠᠵᠤ᠂ ᠠᠷᠰᠯᠠᠨ ᠤ ᠨᠦᠬᠡᠨ ᠳᠦ ᠬᠠᠶᠠᠪᠠ᠃ ᠬᠠᠭᠠᠨ ᠳ᠋ᠠᠨᠢᠶᠧᠯ ᠳᠤ᠄ 《ᠴᠢᠨᠦ ᠦᠷᠭᠦᠯᠵᠢ ᠦᠢᠯᠡᠴᠢᠯᠡᠳᠡᠭ᠌ ᠪᠤᠷᠬᠠᠨ ᠴᠢᠮᠠᠶᠢ ᠠᠪᠤᠷᠠᠨ᠎ᠠ》 ᠭᠡᠪᠡ᠃ 17 ᠬᠥᠮᠦᠰ ᠴᠢᠯᠠᠭᠤ ᠠᠪᠴᠢᠷᠠᠵᠤ᠂ ᠨᠦᠬᠡᠨ ᠦ ᠠᠮᠠ ᠶᠢ ᠲᠠᠭᠯᠠᠭᠰᠠᠨ ᠤ ᠳᠠᠷᠠᠭ᠎ᠠ᠂ ᠬᠠᠭᠠᠨ ᠥᠪᠡᠷ ᠦᠨ ᠪᠣᠯᠣᠨ ᠨᠣᠶᠠᠳ ᠤᠨ ᠢᠶᠠᠨ ᠲᠠᠮᠠᠭᠠᠲᠤ ᠪᠥᠭᠡᠵᠢ ᠪᠠᠷ ᠲᠠᠮᠠᠭᠠᠯᠠᠵᠤ᠂ ᠳ᠋ᠠᠨᠢᠶᠧᠯ ᠤᠨ ᠪᠠᠢᠳᠠᠯ ᠢ ᠥᠭᠡᠷᠡᠴᠢᠯᠡᠭᠳᠡᠰᠢ ᠦᠭᠡᠢ ᠪᠣᠯᠭᠠᠪᠠ᠃ 18 ᠬᠠᠭᠠᠨ ᠣᠷᠳᠣᠨ ᠤᠷᠤᠭᠤ ᠪᠠᠨ ᠪᠤᠴᠠᠵᠤ᠂ ᠶᠠᠭᠤ ᠴᠤ ᠢᠳᠡᠯ ᠦᠭᠡᠢ᠂ ᠶᠠᠮᠠᠷ ᠴᠤ ᠵᠤᠭ᠎ᠠ ᠴᠡᠩᠭᠡᠯ ᠡᠳ᠋ᠯᠡᠯ ᠦᠭᠡᠢ ᠲᠡᠷᠡ ᠰᠥᠨᠢ ᠶᠢ ᠥᠩᠭᠡᠷᠡᠭᠦᠯᠪᠡ᠂ ᠨᠣᠢᠷ ᠨᠢ ᠴᠤ ᠬᠤᠯᠵᠢᠵᠠᠢ᠃
19 ᠮᠠᠷᠭᠠᠰᠢ ᠨᠢ ᠬᠠᠭᠠᠨ ᠦᠷ ᠴᠠᠢᠬᠤ ᠳᠤ ᠪᠣᠰᠴᠤ ᠠᠷᠰᠯᠠᠨ ᠤ ᠨᠦᠬᠡ ᠤᠷᠤᠭᠤ ᠶᠠᠭᠠᠷᠠᠨ ᠣᠴᠢᠪᠠ᠃ 20 ᠲᠡᠷᠡ ᠪᠡᠷ ᠨᠦᠬᠡᠨ ᠳᠦ ᠳᠥᠭᠥᠵᠦ ᠣᠴᠢᠭᠠᠳ ᠡᠷᠢᠶᠡᠨᠳᠦᠭᠰᠡᠨ ᠳᠠᠭᠤ ᠪᠠᠷ ᠳ᠋ᠠᠨᠢᠶᠧᠯ ᠤᠷᠤᠭᠤ ᠬᠠᠰᠬᠢᠷᠴᠤ᠄ 《ᠠᠮᠢᠳᠤ ᠪᠤᠷᠬᠠᠨ ᠤ ᠵᠠᠷᠤᠴᠠ ᠳ᠋ᠠᠨᠢᠶᠧᠯ ᠡ᠂ ᠴᠢᠨᠦ ᠦᠷᠭᠦᠯᠵᠢ ᠦᠢᠯᠡᠴᠢᠯᠡᠳᠡᠭ᠌ ᠪᠤᠷᠬᠠᠨ ᠴᠢᠮᠠᠶᠢ ᠠᠷᠰᠯᠠᠨ ᠠᠴᠠ ᠠᠪᠤᠷᠠᠵᠤ ᠴᠢᠳᠠᠪᠠ ᠤᠤ︖》 ᠭᠡᠵᠦ ᠠᠰᠠᠭᠤᠲᠠᠯ᠎ᠠ᠂ 21 ᠳ᠋ᠠᠨᠢᠶᠧᠯ ᠬᠠᠷᠢᠭᠤᠯᠤᠨ᠄ 《ᠬᠠᠭᠠᠨᠲᠠᠨ ᠮᠢᠨᠢ᠂ ᠮᠥᠩᠬᠡ ᠨᠠᠰᠤᠯᠠᠲᠤᠭᠠᠢ︕ 22 ᠮᠢᠨᠦ ᠪᠤᠷᠬᠠᠨ ᠲᠩᠷᠢ ᠡᠯᠴᠢ ᠪᠠᠨ ᠢᠯᠡᠭᠡᠵᠦ᠂ ᠠᠷᠰᠯᠠᠨ ᠨᠤᠭᠤᠳ ᠤᠨ ᠠᠮᠠ ᠶᠢ ᠲᠠᠭᠯᠠᠭᠰᠠᠨ᠂ ᠠᠷᠰᠯᠠᠨ ᠨᠤᠭᠤᠳ ᠨᠠᠳᠠ ᠳᠤ ᠭᠡᠮᠲᠦᠯ ᠤᠴᠠᠷᠠᠭᠤᠯᠤᠭᠠ ᠦᠭᠡᠢ᠃ ᠡᠢᠨ ᠬᠦ ᠪᠢ ᠲᠡᠭᠦᠨ ᠦ ᠡᠮᠦᠨ᠎ᠡ ᠭᠡᠮ ᠦᠭᠡᠢ ᠳᠦ ᠲᠣᠭᠠᠴᠠᠭᠳᠠᠵᠠᠢ᠂ ᠬᠠᠭᠠᠨᠲᠠᠨ ᠮᠢᠨᠢ᠂ ᠲᠠᠨ ᠤ ᠡᠮᠦᠨ᠎ᠡ ᠴᠤ ᠪᠢ ᠬᠣᠷᠣᠨ ᠮᠠᠭᠤ ᠶᠢ ᠦᠢᠯᠡᠳᠦᠭᠡ ᠦᠭᠡᠢ》 ᠭᠡᠪᠡ᠃ 23 ᠬᠠᠭᠠᠨ ᠮᠠᠰᠢ ᠶᠡᠬᠡ ᠪᠠᠶᠠᠷᠯᠠᠵᠤ᠂ ᠳ᠋ᠠᠨᠢᠶᠧᠯ ᠢ ᠨᠦᠬᠡᠨ ᠡᠴᠡ ᠭᠠᠷᠭᠠᠬᠤ ᠶᠢ ᠲᠤᠰᠢᠶᠠᠪᠠ᠃ ᠳ᠋ᠠᠨᠢᠶᠧᠯ ᠨᠦᠬᠡᠨ ᠡᠴᠡ ᠭᠠᠷᠴᠤ ᠢᠷᠡᠬᠦ ᠳᠦ᠂ ᠲᠡᠭᠦᠨ ᠳᠦ ᠶᠠᠮᠠᠷ ᠴᠤ ᠭᠡᠮᠲᠦᠯ ᠪᠠᠢᠭ᠎ᠠ ᠦᠭᠡᠢ᠃ ᠤᠴᠢᠷ ᠨᠢ ᠲᠡᠷᠡ ᠪᠤᠷᠬᠠᠨ ᠳᠠᠭᠠᠨ ᠢᠲᠡᠭᠡᠭᠰᠡᠨ ᠶᠤᠮ᠃ 24 ᠬᠠᠭᠠᠨ ᠲᠤᠰᠢᠶᠠᠯ ᠪᠠᠭᠤᠯᠭᠠᠵᠤ᠂ ᠳ᠋ᠠᠨᠢᠶᠧᠯ ᠢ ᠬᠢᠯᠢᠰ ᠢᠶᠠᠷ ᠭᠦᠳᠬᠡᠭᠰᠡᠨ ᠬᠥᠮᠦᠰ ᠢ ᠠᠪᠴᠢᠷᠠᠭᠤᠯᠵᠤ᠂ ᠡᠬᠡᠨᠡᠷ ᠬᠡᠦᠬᠡᠳ ᠤᠳ ᠲᠠᠢ ᠨᠢ ᠬᠠᠮᠲᠤ ᠠᠷᠰᠯᠠᠨ ᠤ ᠨᠦᠬᠡᠨ ᠳᠦ ᠬᠠᠶᠠᠭᠤᠯᠵᠠᠢ᠃ ᠲᠡᠳᠡ ᠨᠦᠬᠡᠨ ᠦ ᠢᠷᠤᠭᠠᠷ ᠲᠤ ᠴᠤ ᠬᠦᠷᠦᠭᠡ ᠦᠭᠡᠢ ᠪᠠᠢᠬᠤ ᠳᠤ᠂ ᠠᠷᠰᠯᠠᠨ ᠨᠤᠭᠤᠳ ᠲᠡᠳᠡᠨ ᠤᠷᠤᠭᠤ ᠳᠠᠭᠠᠷᠢᠵᠤ᠂ ᠶᠠᠰᠤ ᠶᠢ ᠨᠢ ᠪᠦᠭᠦᠳᠡ ᠶᠢ ᠬᠤᠭᠤᠴᠢᠵᠠᠢ᠃
25 ᠳ᠋ᠠᠷᠢᠶᠦ᠋ ᠬᠠᠭᠠᠨ ᠪᠡᠷ ᠭᠠᠵᠠᠷ ᠳᠠᠶᠠᠭᠠᠷ ᠠᠮᠢᠳᠤᠷᠠᠳᠠᠭ ᠪᠦᠬᠦ ᠤᠯᠤᠰ᠂ ᠦᠨᠳᠦᠰᠦᠲᠡᠨ᠂ ᠬᠡᠯᠡᠲᠡᠨ ᠳᠦ ᠵᠠᠬᠢᠳᠠᠯ ᠪᠢᠴᠢᠵᠦ᠄ 《ᠲᠠ ᠨᠠᠷ ᠲᠤ ᠠᠮᠤᠷ ᠠᠮᠤᠭᠤᠯᠠᠩ ᠪᠢᠯᠬᠠᠬᠤ ᠪᠣᠯᠲᠤᠭᠠᠢ᠃ 26 ᠪᠢ ᠵᠠᠷᠯᠢᠭ ᠭᠠᠷᠭᠠᠵᠤ ᠪᠠᠢᠨ᠎ᠠ᠃ ᠮᠢᠨᠦ ᠬᠠᠭᠠᠨᠴᠢᠯᠠᠯ ᠳᠠᠶᠠᠭᠠᠷ ᠤᠨ ᠬᠥᠮᠦᠰ ᠳ᠋ᠠᠨᠢᠶᠧᠯ ᠤᠨ ᠪᠤᠷᠬᠠᠨ ᠠᠴᠠ ᠡᠮᠢᠶᠡᠨ ᠴᠡᠴᠡᠷᠡᠭᠲᠦᠨ᠂ ᠲᠡᠷᠡ ᠪᠡᠷ ᠠᠮᠢᠳᠤ ᠪᠤᠷᠬᠠᠨ᠂ ᠡᠭᠦᠷᠢᠳᠡ ᠮᠥᠩᠬᠡ ᠣᠷᠣᠰᠢᠳᠠᠭ ᠲᠡᠭᠦᠨ ᠦ ᠬᠠᠭᠠᠨᠴᠢᠯᠠᠯ ᠤᠰᠠᠳᠬᠠᠭᠳᠠᠰᠢ ᠦᠭᠡᠢ ᠲᠡᠭᠦᠨ ᠦ ᠨᠣᠶᠠᠷᠬᠠᠯ ᠡᠴᠦᠰ ᠦᠭᠡᠢ᠃
27 ᠠᠪᠤᠷᠠᠭᠴᠢ᠂ ᠭᠡᠲᠦᠯᠭᠡᠭᠴᠢ︕ ᠲᠡᠷᠡ ᠪᠡᠷ ᠲᠡᠮᠳᠡᠭ ᠤᠳ ᠪᠠ ᠭᠠᠢᠬᠠᠮᠰᠢᠭ ᠤᠳ ᠢ ᠲᠩᠷᠢ ᠳᠤ ᠴᠤ᠂ ᠭᠠᠵᠠᠷ ᠲᠤ ᠴᠤ ᠦᠢᠯᠡᠳᠦᠨ᠎ᠡ ᠲᠡᠷᠡ ᠪᠡᠷ ᠳ᠋ᠠᠨᠢᠶᠧᠯ ᠢ ᠠᠷᠰᠯᠠᠨ ᠤ ᠰᠠᠪᠠᠷ ᠠᠴᠠ ᠠᠪᠤᠷᠠᠵᠠᠢ》 ᠭᠡᠪᠡ᠃
28 ᠡᠢᠨ ᠬᠦ ᠳ᠋ᠠᠨᠢᠶᠧᠯ ᠳ᠋ᠠᠷᠢᠶᠦ᠋ ᠬᠢᠭᠡᠳ ᠫᠧᠷᠰ ᠬᠥᠮᠦᠨ ᠺᠦᠷᠣᠰ ᠤᠨ ᠬᠠᠭᠠᠨᠴᠢᠯᠠᠯ ᠤᠨ ᠦᠶ᠎ᠡ ᠳᠦ ᠠᠮᠵᠢᠯᠲᠠ ᠣᠯᠣᠭᠰᠠᠨ ᠪᠠᠢᠪᠠ᠃