1 2 3 4 5 6 7 8 9 10 11 12


ᠳ᠋ᠠᠨᠢᠶᠧᠯ ᠳᠣᠯᠣᠭ᠎ᠠ
 ᠳᠥᠷᠪᠡᠨ ᠠᠷᠢᠶᠠᠲᠠᠨ ᠬᠢᠭᠡᠳ ᠬᠥᠮᠦᠨ ᠦ ᠬᠦᠦ ᠶᠢᠨ ᠲᠤᠬᠠᠢ ᠦᠵᠡᠭᠳᠡᠯ

1 ᠪᠠᠪᠢᠯᠣᠨ ᠤ ᠬᠠᠭᠠᠨ ᠪᠧᠯᠱᠠᠽᠠᠷ ᠤᠨ ᠨᠢᠭᠡᠳᠦᠭᠡᠷ ᠣᠨ ᠳᠤ᠂ ᠳ᠋ᠠᠨᠢᠶᠧᠯ ᠣᠷᠣ ᠳᠡᠭᠡᠷ᠎ᠡ ᠪᠡᠨ ᠬᠡᠪᠲᠡᠵᠦ ᠪᠠᠢᠭᠠᠳ ᠵᠡᠭᠦᠳᠦ ᠵᠡᠭᠦᠳᠦᠯᠡᠵᠦ᠂ ᠲᠠᠷᠢᠬᠢᠨ ᠳᠤᠨᠢ ᠦᠵᠡᠭᠳᠡᠯ ᠣᠷᠣᠪᠠ᠃ ᠲᠡᠷᠡ ᠪᠡᠷ ᠵᠡᠭᠦᠳᠦ ᠪᠡᠨ ᠪᠢᠴᠢᠵᠦ ᠭᠣᠣᠯ ᠵᠦᠢᠯᠡᠰ ᠢ ᠨᠢ ᠥᠭᠦᠯᠡᠪᠡ᠄ 2 《ᠰᠥᠨᠢ ᠳ᠋ᠠᠨᠢᠶᠧᠯ ᠪᠢ ᠦᠵᠡᠭᠳᠡᠯ ᠳᠡᠭᠡᠨ ᠬᠠᠷᠠᠵᠤ ᠪᠠᠢᠯ᠎ᠠ᠂ ᠲᠩᠷᠢ ᠶᠢᠨ ᠳᠥᠷᠪᠡᠨ ᠰᠠᠯᠬᠢ ᠶᠡᠬᠡ ᠳᠠᠯᠠᠢ ᠲᠡᠰᠢ ᠦᠯᠢᠶᠡᠵᠦ ᠪᠠᠢᠬᠤ ᠳᠤ᠂ 3 ᠪᠡᠶ᠎ᠡ ᠪᠡᠶ᠎ᠡ ᠲᠠᠢ ᠪᠠᠨ ᠠᠳᠠᠯᠢ ᠦᠭᠡᠢ ᠳᠥᠷᠪᠡᠨ ᠠᠪᠤᠷᠭᠤ ᠠᠷᠢᠶᠠᠲᠠᠨ ᠳᠠᠯᠠᠢ ᠠᠴᠠ ᠭᠠᠷᠴᠤ ᠢᠷᠡᠪᠡ︕ 4 ᠡᠬᠢᠨ ᠤ ᠬᠢᠨᠢ ᠠᠷᠰᠯᠠᠨ ᠮᠡᠲᠦ ᠪᠣᠯᠪᠠᠴᠤ ᠪᠦᠷᠭᠦᠳ ᠦᠨ ᠵᠢᠭᠦᠷ ᠲᠡᠢ ᠪᠠᠢᠯ᠎ᠠ᠃ ᠪᠢ ᠬᠠᠷᠠᠵᠤ ᠪᠠᠢᠲᠠᠯ᠎ᠠ᠂ ᠵᠢᠭᠦᠷ ᠨᠢ ᠲᠠᠰᠤᠯᠤᠭᠳᠠᠵᠤ᠂ ᠲᠡᠷᠡ ᠪᠡᠷ ᠭᠠᠵᠠᠷ ᠠᠴᠠ ᠥᠨᠳᠡᠢᠨ᠂ ᠬᠥᠮᠦᠨ ᠰᠢᠭ ᠬᠣᠶᠠᠷ ᠬᠥᠯ ᠳᠡᠭᠡᠷ᠎ᠡ ᠪᠡᠨ ᠵᠣᠭᠰᠣᠭᠰᠠᠨ ᠪᠥᠭᠡᠳ ᠬᠥᠮᠦᠨ ᠦ ᠣᠶᠤᠨ ᠤᠬᠠᠭᠠᠨ ᠬᠦᠷᠲᠡᠭᠰᠡᠨ ᠪᠠᠢᠯ᠎ᠠ᠃ 5 ᠬᠠᠷᠠ᠂ ᠬᠣᠶᠠᠳᠠᠬᠢ ᠨᠢ ᠥᠭᠡᠷ᠎ᠡ ᠨᠢᠭᠡᠨ ᠪᠠᠭᠠᠪᠠᠭᠠᠢ ᠮᠡᠲᠦ ᠠᠷᠢᠶᠠᠲᠠᠨ ᠪᠠᠢᠯ᠎ᠠ᠂ ᠲᠡᠷᠡ ᠲᠠᠯ᠎ᠠ ᠪᠡᠶ᠎ᠡ ᠪᠡᠷ ᠢᠶᠠᠨ ᠥᠨᠳᠡᠢᠪᠡ᠃ ᠠᠮᠠᠨ ᠳᠣᠲᠣᠷ᠎ᠠ ᠨᠢ᠂ ᠰᠢᠳᠦᠨ ᠦ ᠬᠢᠨᠢ ᠵᠠᠪᠰᠠᠷ ᠲᠤ ᠭᠤᠷᠪᠠᠨ ᠬᠠᠪᠢᠷᠭ᠎ᠠ ᠪᠠᠢᠪᠠ᠃ ᠲᠡᠭᠡᠬᠦ ᠳᠦ ᠲᠡᠭᠦᠨ ᠳᠦ᠄ 〈ᠪᠣᠰᠣᠭᠠᠳ᠂ ᠬᠠᠨᠲᠠᠯ᠎ᠠ ᠪᠠᠨ ᠮᠢᠬ᠎ᠠ ᠢᠳᠡ〉 ᠭᠡᠪᠡ᠃ 6 ᠡᠭᠦᠨ ᠦ ᠳᠠᠷᠠᠭ᠎ᠠ ᠪᠢ ᠬᠠᠷᠠᠵᠤ ᠪᠠᠢᠲᠠᠯ᠎ᠠ᠂ ᠢᠷᠪᠢᠰ ᠮᠡᠲᠦ ᠥᠭᠡᠷ᠎ᠡ ᠨᠢᠭᠡᠨ ᠠᠷᠢᠶᠠᠲᠠᠨ ᠦᠵᠡᠭᠳᠡᠪᠡ᠃ ᠲᠡᠷᠡ ᠨᠢᠷᠤᠭᠤᠨ ᠳᠠᠭᠠᠨ ᠰᠢᠪᠠᠭᠤᠨ ᠤ ᠳᠥᠷᠪᠡᠨ ᠳᠠᠯᠠᠪᠴᠢ ᠲᠠᠢ ᠪᠠᠢᠪᠠ᠃ ᠲᠡᠷᠡ ᠠᠷᠢᠶᠠᠲᠠᠨ ᠳᠥᠷᠪᠡᠨ ᠲᠣᠯᠣᠭᠠᠢ ᠲᠠᠢ ᠪᠥᠭᠡᠳ ᠨᠣᠶᠠᠷᠬᠠᠯ ᠤᠨ ᠡᠷᠬᠡ ᠬᠦᠷᠲᠡᠪᠡ᠃ 7 ᠡᠭᠦᠨ ᠦ ᠳᠠᠷᠠᠭ᠎ᠠ ᠪᠢ ᠰᠥᠨᠢ ᠶᠢᠨ ᠦᠵᠡᠭᠳᠡᠯ ᠳᠡᠭᠡᠨ ᠬᠠᠷᠠᠵᠤ ᠪᠠᠢᠲᠠᠯ᠎ᠠ᠂ ᠳᠥᠷᠪᠡᠳᠡᠬᠢ ᠠᠷᠢᠶᠠᠲᠠᠨ ᠦᠵᠡᠭᠳᠡᠪᠡ︕ ᠲᠡᠷᠡ ᠠᠶᠤᠮᠰᠢᠭᠲᠤ ᠰᠦᠷ ᠲᠡᠢ ᠪᠥᠭᠡᠳ ᠦᠯᠡᠮᠵᠢ ᠬᠦᠴᠦᠲᠡᠢ᠂ ᠲᠣᠮᠣ ᠲᠡᠮᠦᠷ ᠰᠢᠳᠦ ᠲᠠᠢ᠂ ᠲᠡᠷᠡ ᠵᠠᠯᠭᠢᠵᠤ ᠡᠪᠳᠡᠵᠦ᠂ ᠦᠯᠡᠳᠡᠭᠰᠡᠨ ᠢ ᠨᠢ ᠬᠥᠯ ᠢᠶᠡᠷ ᠢᠶᠠᠨ ᠭᠢᠰᠬᠢᠪᠡ᠃ ᠲᠡᠷᠡ ᠪᠡᠷ ᠥᠪᠡᠷ ᠡᠴᠡ ᠨᠢ ᠤᠷᠢᠳᠤ ᠪᠠᠢᠭᠰᠠᠨ ᠪᠤᠰᠤᠳ ᠪᠦᠬᠦ ᠠᠷᠢᠶᠠᠲᠠᠨ ᠠᠴᠠ ᠣᠨᠳᠣᠣ ᠪᠥᠭᠡᠳ ᠠᠷᠪᠠᠨ ᠡᠪᠡᠷ ᠲᠡᠢ ᠪᠠᠢᠪᠠ᠃ 8 ᠪᠢ ᠲᠡᠳᠡᠭᠡᠷ ᠡᠪᠡᠷ ᠦᠨ ᠲᠤᠬᠠᠢ ᠪᠣᠳᠣᠵᠤ ᠪᠠᠢᠲᠠᠯ᠎ᠠ ᠲᠡᠳᠡᠨ ᠦ ᠳᠤᠮᠳᠠ ᠠᠴᠠ ᠥᠭᠡᠷ᠎ᠡ ᠨᠢᠭᠡᠨ ᠵᠢᠵᠢᠭ ᠡᠪᠡᠷ ᠤᠷᠭᠤᠵᠤ᠂ ᠲᠦᠷᠦᠭᠦᠴᠢ ᠶᠢᠨ ᠡᠪᠡᠷ ᠤᠳ ᠠᠴᠠ ᠭᠤᠷᠪᠠ ᠨᠢ ᠲᠡᠭᠦᠨ ᠦ ᠡᠮᠦᠨ᠎ᠡ ᠦᠨᠳᠦᠰᠦ ᠪᠡᠷ ᠢᠶᠠᠨ ᠪᠤᠯᠭᠤᠷᠠᠪᠠ᠃ ᠡᠨᠡ ᠵᠢᠵᠢᠭ ᠡᠪᠡᠷ ᠬᠥᠮᠦᠨ ᠦ ᠨᠢᠳᠦ ᠰᠢᠭ ᠨᠢᠳᠦ ᠲᠠᠢ ᠪᠥᠭᠡᠳ ᠮᠥᠨ ᠪᠠᠷᠳᠠᠮᠨᠠᠨ ᠶᠠᠷᠢᠬᠤ ᠠᠮᠠ ᠲᠠᠢ ᠪᠠᠢᠯ᠎ᠠ᠃
9 ᠪᠢ ᠬᠠᠷᠠᠵᠤ ᠯᠠ ᠪᠠᠢᠬᠤ ᠳᠤ᠂ ᠰᠡᠨᠲᠢ ᠨᠦᠭᠦᠳ ᠲᠠᠯᠪᠢᠭᠳᠠᠵᠤ ᠡᠷᠲᠡᠨ ᠦ ᠨᠢᠭᠡᠨ ᠨᠢ ᠵᠠᠯᠠᠷᠠᠪᠠ ᠲᠡᠭᠦᠨ ᠦ ᠬᠤᠪᠴᠠᠰᠤ ᠴᠠᠰᠤ ᠴᠠᠭᠠᠨ ᠲᠡᠷᠢᠭᠦᠨ ᠦ ᠬᠢᠨᠢ ᠦᠰᠦ ᠨᠢ ᠴᠡᠪᠡᠷ ᠨᠣᠣᠰᠣ ᠰᠢᠭ᠋ ᠰᠡᠨᠲᠢ ᠨᠢ ᠭᠠᠯ ᠤᠨ ᠳᠥᠯᠥ ᠬᠦᠷᠳᠦ ᠨᠦᠭᠦᠳ ᠨᠢ ᠳᠦᠷᠡᠯᠵᠡᠭᠰᠡᠨ ᠭᠠᠯ ᠪᠠᠢᠪᠠ᠃
10 ᠭᠠᠯᠲᠤ ᠮᠥᠷᠡᠨ ᠡᠮᠦᠨ᠎ᠡ ᠡᠴᠡ ᠨᠢ ᠭᠠᠷᠴᠤ ᠢᠷᠡᠨ ᠤᠷᠤᠰᠤᠭᠰᠠᠭᠠᠷ ᠮᠢᠩ᠋ᠭᠠᠨ ᠮᠢᠩ᠋ᠭ᠎ᠠ ᠨᠢ ᠲᠡᠭᠦᠨ ᠳᠦ ᠦᠢᠯᠡᠴᠢᠯᠡᠨ᠎ᠡ ᠲᠦᠮᠡᠨ ᠲᠦᠮᠡ ᠨᠢ ᠡᠮᠦᠨ᠎ᠡ ᠨᠢ ᠵᠣᠭᠰᠣᠨ᠎ᠠ ᠰᠢᠭᠦᠯᠲᠡ ᠡᠬᠢᠯᠡᠨ᠂ ᠨᠣᠮ ᠤᠳ ᠳᠡᠯᠭᠡᠭᠳᠡᠪᠡ᠃
11 ᠪᠢ ᠬᠠᠷᠠᠭᠰᠠᠭᠠᠷ ᠪᠠᠢᠯ᠎ᠠ᠃ ᠪᠢ ᠬᠠᠷᠠᠵᠤ ᠪᠠᠢᠲᠠᠯ᠎ᠠ᠂ ᠨᠥᠭᠥᠭᠡ ᠠᠷᠢᠶᠠᠲᠠᠨ ᠡᠪᠡᠷ ᠦᠨ ᠢᠶᠠᠨ ᠶᠠᠷᠢᠭᠰᠠᠨ ᠪᠠᠷᠳᠠᠮ ᠦᠭᠡᠰ ᠡᠴᠡ ᠪᠣᠯᠵᠤ ᠠᠯᠠᠭᠳᠠᠨ᠂ ᠪᠡᠶ᠎ᠡ ᠨᠢ ᠤᠰᠠᠳᠬᠠᠭᠳᠠᠵᠤ᠂ ᠳᠦᠷᠡᠯᠵᠡᠭᠰᠡᠨ ᠭᠠᠯ ᠳᠤ ᠬᠠᠶᠠᠭᠳᠠᠵᠠᠢ᠃ 12 ᠦᠯᠡᠳᠡᠭᠰᠡᠨ ᠠᠷᠢᠶᠠᠲᠠᠳ ᠨᠢ ᠨᠣᠶᠠᠷᠬᠠᠬᠤ ᠡᠷᠬᠡ ᠪᠡᠨ ᠪᠤᠯᠢᠶᠠᠭᠳᠠᠭᠰᠠᠨ ᠪᠣᠯᠪᠠᠴᠤ ᠴᠠᠭ ᠦᠶ᠎ᠡ ᠪᠣᠯᠲᠠᠯ᠎ᠠ ᠠᠮᠢ ᠨᠢ ᠦᠯᠡᠳᠡᠬᠦ ᠪᠣᠯᠣᠯ᠎ᠠ᠃
13 ᠪᠢ ᠰᠥᠨᠢ ᠶᠢᠨ ᠦᠵᠡᠭᠳᠡᠯ ᠳᠡᠭᠡᠨ ᠬᠠᠷᠠᠵᠤ ᠪᠠᠢᠲᠠᠯ᠎ᠠ ᠬᠥᠮᠦᠨ ᠦ ᠬᠦᠦ ᠰᠢᠭ ᠨᠢᠭᠡᠨ ᠨᠢ ᠲᠩᠷᠢ ᠶᠢᠨ ᠡᠭᠦᠯᠡᠰ ᠲᠡᠢ ᠬᠠᠮᠲᠤ ᠢᠷᠡᠵᠦ ᠪᠠᠢᠯ᠎ᠠ ᠲᠡᠷᠡ ᠪᠡᠷ ᠡᠷᠲᠡᠨ ᠦ ᠨᠢᠭᠡᠨ ᠦ ᠡᠮᠦᠨ᠎ᠡ ᠬᠦᠷᠴᠦ᠂ ᠲᠡᠭᠦᠨ ᠦ ᠣᠷᠣᠰᠢᠬᠤᠢ ᠳᠤ ᠠᠪᠠᠴᠢᠭᠳᠠᠪᠠ᠃
14 ᠲᠡᠭᠦᠨ ᠳᠦ ᠨᠣᠶᠠᠷᠬᠠᠬᠤ ᠡᠷᠬᠡ᠂ ᠢᠷᠠᠭᠤ ᠠᠯᠳᠠᠷ᠂ ᠬᠠᠭᠠᠨᠴᠢᠯᠠᠯ ᠰᠣᠶᠣᠷᠬᠠᠭᠳᠠᠭᠰᠠᠨ ᠳᠤ ᠪᠦᠬᠦ ᠤᠯᠤᠰ᠂ ᠦᠨᠳᠦᠰᠦᠲᠡᠨ ᠪᠠ ᠬᠡᠯᠡᠲᠡᠨ ᠲᠡᠭᠦᠨ ᠳᠦ ᠮᠥᠷᠭᠥᠬᠦ ᠪᠣᠯᠪᠠ ᠲᠡᠭᠦᠨ ᠦ ᠨᠣᠶᠠᠷᠬᠠᠯ ᠠᠷᠢᠯᠤᠰᠢ ᠦᠭᠡᠢ ᠡᠭᠦᠷᠢᠳᠡ ᠶᠢᠨ ᠨᠣᠶᠠᠷᠬᠠᠯ ᠬᠠᠭᠠᠨᠴᠢᠯᠠᠯ ᠨᠢ ᠤᠰᠠᠳᠬᠠᠭᠳᠠᠰᠢ ᠦᠭᠡᠢ᠃

15 ᠳ᠋ᠠᠨᠢᠶᠧᠯ ᠮᠢᠨᠦ ᠪᠡᠶ᠎ᠡ ᠳᠣᠲᠣᠷᠠᠬᠢ ᠰᠦᠨᠡᠰᠦ ᠰᠢᠨᠠᠯᠵᠤ᠂ ᠮᠢᠨᠦ ᠲᠠᠷᠢᠬᠢᠨ ᠳᠣᠲᠣᠷᠠᠬᠢ ᠦᠵᠡᠭᠳᠡᠯ ᠤᠳ ᠨᠠᠮᠠᠶᠢ ᠲᠦᠭᠰᠢᠭᠡᠭᠰᠡᠭᠡᠷ ᠪᠠᠢᠯ᠎ᠠ᠃ 16 ᠪᠢ ᠲᠡᠭᠦᠨ ᠦ ᠡᠮᠦᠨ᠎ᠡ ᠵᠣᠭᠰᠣᠭᠴᠢᠳ ᠤᠨ ᠨᠢᠭᠡᠨ ᠳᠦ ᠳᠥᠭᠥᠵᠦ ᠣᠴᠢᠭᠠᠳ ᠲᠡᠭᠦᠨ ᠡᠴᠡ ᠡᠨᠡ ᠪᠦᠬᠦ ᠶᠠᠪᠤᠳᠠᠯ ᠤᠨ ᠲᠤᠬᠠᠢ ᠠᠰᠠᠭᠤᠪᠠ᠃ ᠲᠡᠷᠡ ᠨᠠᠳᠠ ᠳᠤ ᠡᠳᠡᠭᠡᠷ ᠵᠦᠢᠯ ᠤᠨ ᠤᠴᠢᠷ ᠢ ᠲᠠᠢᠯᠪᠤᠷᠢᠯᠠᠨ᠄ 17 〈ᠡᠨᠡ ᠳᠥᠷᠪᠡᠨ ᠠᠪᠤᠷᠭᠤ ᠠᠷᠢᠶᠠᠲᠠᠨ ᠪᠣᠯ ᠭᠠᠵᠠᠷ ᠠᠴᠠ ᠪᠣᠰᠬᠤ ᠳᠥᠷᠪᠡᠨ ᠬᠠᠭᠠᠨ ᠶᠤᠮ᠃ 18 ᠬᠠᠷᠢᠨ ᠬᠠᠮᠤᠭ ᠤᠨ ᠳᠡᠭᠡᠳᠦ ᠨᠢᠭᠡᠨ ᠦ ᠠᠷᠢᠭᠤᠨ ᠲᠦᠮᠡᠨ ᠬᠠᠭᠠᠨᠴᠢᠯᠠᠯ ᠢ ᠬᠦᠷᠲᠡᠵᠦ᠂ ᠮᠥᠩᠬᠡᠳᠡ᠂ ᠮᠥᠩᠬᠡ ᠶᠢᠨ ᠮᠥᠩᠬᠡᠳᠡ ᠡᠵᠡᠮᠰᠢᠨ᠎ᠡ〉 ᠭᠡᠪᠡ᠃

19 ᠳᠠᠷᠠᠭ᠎ᠠ ᠨᠢ ᠪᠢ ᠳᠥᠷᠪᠡᠳᠡᠬᠢ ᠠᠷᠢᠶᠠᠲᠠᠨ ᠤ ᠲᠤᠬᠠᠢ ᠯᠠᠪᠯᠠᠬᠤ ᠶᠢ ᠬᠦᠰᠡᠪᠡ᠃ ᠲᠡᠷᠡ ᠠᠷᠢᠶᠠᠲᠠᠨ ᠪᠤᠰᠤᠳ ᠪᠦᠬᠦ ᠠᠷᠢᠶᠠᠲᠠᠨ ᠠᠴᠠ ᠥᠭᠡᠷ᠎ᠡ᠂ ᠶᠡᠬᠡ ᠠᠶᠤᠮᠰᠢᠭᠲᠠᠢ ᠪᠥᠭᠡᠳ ᠲᠡᠮᠦᠷ ᠰᠢᠳᠦ᠂ ᠬᠦᠷᠡᠯ ᠬᠢᠮᠤᠰᠤ ᠪᠠᠷ ᠢᠶᠠᠨ ᠲᠠᠰᠤᠳᠠᠨ ᠢᠳᠡᠭᠡᠳ᠂ ᠦᠯᠡᠳᠡᠭᠰᠡᠨ ᠢ ᠨᠢ ᠬᠥᠯ ᠢᠶᠡᠷ ᠢᠶᠠᠨ ᠭᠢᠰᠬᠢᠵᠦ ᠪᠠᠢᠯ᠎ᠠ᠃ 20 ᠪᠢ ᠲᠡᠭᠦᠨ ᠦ ᠲᠣᠯᠣᠭᠠᠢ ᠶᠢᠨ ᠠᠷᠪᠠᠨ ᠡᠪᠡᠷ ᠪᠠ ᠤᠷᠭᠤᠭᠰᠠᠨ ᠥᠭᠡᠷ᠎ᠡ ᠨᠢᠭᠡ ᠡᠪᠡᠷ ᠦᠨ ᠲᠤᠬᠠᠢ ᠴᠤ ᠮᠡᠳᠡᠬᠦ ᠶᠢ ᠬᠦᠰᠡᠪᠡ᠃ ᠲᠡᠷᠡ ᠡᠪᠡᠷ ᠣᠯᠠᠨ ᠨᠢᠳᠦ ᠲᠠᠢ᠂ ᠪᠠᠷᠳᠠᠮ ᠦᠭᠡ ᠶᠠᠷᠢᠳᠠᠭ ᠠᠮᠠ ᠲᠠᠢ᠂ ᠪᠤᠰᠤᠳ ᠡᠪᠡᠷ ᠤᠳ ᠠᠴᠠ ᠰᠦᠷ ᠲᠡᠢ ᠲᠥᠷᠬᠥ ᠲᠠᠢ ᠪᠥᠭᠡᠳ ᠡᠭᠦᠨ ᠦ ᠡᠮᠦᠨ᠎ᠡ ᠠᠩ᠋ᠬᠠᠨ ᠤ ᠡᠪᠡᠷ ᠤᠳ ᠤᠨ ᠬᠢᠨᠢ ᠭᠤᠷᠪᠠ ᠨᠢ ᠤᠨᠠᠭᠰᠠᠨ ᠠᠵᠢ᠃ 21 ᠪᠢ ᠬᠠᠷᠠᠵᠤ ᠯᠠ ᠪᠠᠢᠬᠤ ᠳᠤ᠂ ᠲᠡᠷᠡ ᠡᠪᠡᠷ ᠠᠷᠢᠭᠤᠨ ᠲᠦᠮᠡᠨ ᠲᠡᠢ ᠳᠠᠢᠲᠤᠵᠤ᠂ ᠲᠡᠳᠡᠨ ᠢ ᠳᠡᠢᠯᠵᠦ ᠪᠠᠢᠭᠰᠠᠨ᠃ 22 ᠲᠡᠭᠡᠲᠡᠯ᠎ᠡ ᠡᠷᠲᠡᠨ ᠦ ᠨᠢᠭᠡᠨ ᠨᠢ ᠢᠷᠡᠵᠦ᠂ ᠬᠠᠮᠤᠭ ᠤᠨ ᠳᠡᠭᠡᠳᠦ ᠨᠢᠭᠡᠨ ᠦ ᠠᠷᠢᠭᠤᠨ ᠲᠦᠮᠡᠨ ᠦ ᠲᠥᠯᠥᠭᠡ ᠰᠢᠭᠦᠯᠲᠡ ᠶᠠᠪᠤᠭᠤᠯᠪᠠ᠂ ᠠᠷᠢᠭᠤᠨ ᠲᠦᠮᠡᠨ ᠬᠠᠭᠠᠨᠴᠢᠯᠠᠯ ᠢ ᠡᠵᠡᠮᠰᠢᠬᠦ ᠴᠠᠭ ᠢᠷᠡᠭᠰᠡᠨ ᠪᠢᠯᠡ᠃

23 ᠲᠡᠭᠦᠨ ᠦ ᠡᠮᠦᠨ᠎ᠡ ᠵᠣᠭᠰᠣᠭᠴᠢᠳ ᠤᠨ ᠨᠢᠭᠡ ᠨᠢ ᠲᠠᠢᠯᠪᠤᠷᠢᠯᠠᠨ᠄ 〈ᠳᠥᠷᠪᠡᠳᠡᠬᠢ ᠠᠷᠢᠶᠠᠲᠠᠨ ᠨᠢ ᠭᠠᠵᠠᠷ ᠳᠡᠭᠡᠷ᠎ᠡ ᠭᠠᠷᠬᠤ ᠳᠥᠷᠪᠡᠳᠡᠬᠢ ᠬᠠᠭᠠᠨᠴᠢᠯᠠᠯ ᠶᠤᠮ᠃ ᠲᠡᠷᠡ ᠨᠢ ᠪᠤᠰᠤᠳ ᠪᠦᠬᠦ ᠬᠠᠭᠠᠨᠴᠢᠯᠠᠯ ᠠᠴᠠ ᠣᠨᠳᠣᠣ ᠪᠥᠭᠡᠳ ᠪᠦᠬᠦ ᠳᠡᠯᠡᠬᠡᠢ ᠶᠢ ᠵᠠᠯᠭᠢᠵᠤ᠂ ᠭᠢᠰᠬᠢᠯᠡᠵᠦ᠂ ᠡᠪᠳᠡᠬᠦ ᠪᠣᠯᠣᠨ᠎ᠠ᠃ 24 ᠠᠷᠪᠠᠨ ᠡᠪᠡᠷ ᠪᠣᠯ ᠲᠡᠷᠡ ᠬᠠᠭᠠᠨᠴᠢᠯᠠᠯ ᠠᠴᠠ ᠪᠣᠰᠬᠤ ᠠᠷᠪᠠᠨ ᠬᠠᠭᠠᠨ ᠶᠤᠮ᠃ ᠲᠡᠳᠡᠨ ᠦ ᠳᠠᠷᠠᠭ᠎ᠠ ᠤᠷᠢᠳᠤ ᠶᠢᠨ ᠬᠢ ᠡᠴᠡ ᠣᠨᠳᠣᠣ᠂ ᠥᠭᠡᠷ᠎ᠡ ᠨᠢᠭᠡᠨ ᠬᠠᠭᠠᠨ ᠪᠣᠰᠣᠭᠠᠳ ᠭᠤᠷᠪᠠᠨ ᠬᠠᠭᠠᠨ ᠢ ᠡᠷᠬᠡᠰᠢᠶᠡᠯ ᠳᠡᠭᠡᠨ ᠣᠷᠣᠭᠤᠯᠤᠨ᠎ᠠ᠂ 25 ᠲᠡᠷᠡ ᠬᠠᠮᠤᠭ ᠤᠨ ᠳᠡᠭᠡᠳᠦ ᠨᠢᠭᠡᠨ ᠳᠦ ᠪᠠᠷᠳᠠᠮ ᠦᠭᠡ ᠶᠠᠷᠢᠵᠤ᠂ ᠬᠠᠮᠤᠭ ᠤᠨ ᠳᠡᠭᠡᠳᠦ ᠨᠢᠭᠡᠨ ᠦ ᠠᠷᠢᠭᠤᠨ ᠲᠦᠮᠡᠨ ᠢ ᠵᠣᠪᠠᠭᠠᠭᠰᠠᠭᠠᠷ ᠪᠠᠢᠵᠤ᠂ ᠴᠠᠭ ᠦᠶ᠎ᠡ ᠪᠠ ᠬᠠᠤᠯᠢ ᠶᠢ ᠥᠭᠡᠷᠡᠴᠢᠯᠡᠬᠦ ᠶᠢ ᠰᠠᠨᠠᠭᠠᠷᠬᠠᠨ᠎ᠠ᠃ ᠨᠢᠭᠡ ᠴᠠᠭ ᠦᠶ᠎ᠡ᠂ ᠬᠣᠶᠠᠷ ᠴᠠᠭ ᠦᠶ᠎ᠡ᠂ ᠬᠠᠭᠠᠰ ᠴᠠᠭ ᠦᠶ᠎ᠡ ᠶᠢᠨ ᠲᠤᠷᠰᠢ ᠠᠷᠢᠭᠤᠨ ᠬᠥᠮᠦᠰ ᠲᠡᠭᠦᠨ ᠦ ᠭᠠᠷ ᠲᠤ ᠲᠤᠰᠢᠶᠠᠭᠳᠠᠨ᠎ᠠ᠃ 26 ᠬᠠᠷᠢᠨ ᠰᠢᠭᠦᠯᠲᠡ ᠡᠬᠢᠯᠡᠬᠦ ᠳᠦ᠂ ᠲᠡᠳᠡ ᠲᠡᠭᠦᠨ ᠦ ᠨᠣᠶᠠᠷᠬᠠᠯ ᠤᠨ ᠡᠷᠬᠡ ᠢ ᠪᠤᠯᠢᠶᠠᠵᠤ᠂ ᠲᠡᠷᠡ ᠪᠦᠷᠢᠮᠦᠰᠦᠨ ᠤᠰᠠᠳᠬᠠᠭᠳᠠᠬᠤ ᠪᠣᠯᠣᠨ᠎ᠠ᠃ 27 ᠲᠩᠷᠢ ᠶᠢᠨ ᠳᠣᠣᠷᠠᠬᠢ ᠬᠠᠮᠤᠭ ᠬᠠᠭᠠᠨᠴᠢᠯᠠᠯ ᠢ ᠬᠠᠭᠠᠨᠴᠢᠯᠠᠵᠤ ᠨᠣᠶᠠᠷᠬᠠᠬᠤ ᠠᠭᠤᠤ ᠡᠷᠬᠡ ᠬᠠᠮᠤᠭ ᠤᠨ ᠳᠡᠭᠡᠳᠦ ᠨᠢᠭᠡᠨ ᠦ ᠠᠷᠢᠭᠤᠨ ᠠᠷᠠᠳ ᠲᠦᠮᠡᠨ ᠳᠦ ᠰᠣᠶᠣᠷᠬᠠᠭᠳᠠᠨ᠎ᠠ᠃ ᠲᠡᠭᠦᠨ ᠦ ᠬᠠᠭᠠᠨᠴᠢᠯᠠᠯ ᠡᠭᠦᠷᠢᠳᠡ ᠶᠢᠨ ᠬᠠᠭᠠᠨᠴᠢᠯᠠᠯ᠂ ᠨᠣᠶᠠᠷᠬᠠᠭᠴᠢᠳ ᠪᠦᠭᠦᠳᠡ ᠲᠡᠭᠦᠨ ᠳᠦ ᠦᠢᠯᠡᠴᠢᠯᠡᠵᠦ᠂ ᠲᠡᠭᠦᠨ ᠳᠦ ᠳᠤᠭᠤᠯᠭᠠᠪᠤᠷᠢᠲᠠᠢ ᠪᠣᠯᠣᠨ᠎ᠠ〉》 ᠭᠡᠪᠡ᠃ 28 ᠲᠠᠢᠯᠪᠤᠷᠢ ᠨᠢ ᠡᠢᠨ ᠬᠦ ᠲᠡᠭᠦᠰᠪᠡ᠃ ᠳ᠋ᠠᠨᠢᠶᠧᠯ ᠮᠢᠨᠦ ᠪᠣᠳᠣᠯ ᠤᠳ ᠨᠠᠮᠠᠶᠢ ᠶᠡᠬᠡᠳᠡ ᠲᠦᠭᠰᠢᠭᠡᠵᠦ᠂ ᠴᠢᠷᠠᠢ ᠮᠢᠨᠢ ᠴᠣᠩᠬᠢᠢᠭᠰᠠᠨ ᠪᠣᠯᠪᠠᠴᠤ ᠪᠢ ᠡᠨᠡ ᠶᠠᠪᠤᠳᠠᠯ ᠢ ᠵᠢᠷᠦᠬᠡᠨ ᠳᠡᠭᠡᠨ ᠬᠠᠳᠠᠭᠠᠯᠠᠪᠠ᠃