ᠳ᠋ᠠᠨᠢᠶᠧᠯ ᠳᠥᠷᠪᠡ
ᠠᠪᠤᠷᠭᠤ ᠮᠣᠳᠣᠨ ᠤ ᠲᠤᠬᠠᠢ ᠵᠡᠭᠦᠳᠦ
1 ᠳᠡᠯᠡᠬᠡᠢ ᠳᠠᠶᠠᠭᠠᠷ ᠠᠮᠢᠳᠤᠷᠠᠳᠠᠭ ᠪᠦᠬᠦ ᠤᠯᠤᠰ᠂ ᠦᠨᠳᠦᠰᠦᠲᠡᠨ ᠪᠠ ᠬᠡᠯᠡᠲᠡᠨ ᠨᠦᠭᠦᠳ ᠲᠦ ᠪᠠᠭᠤᠯᠭᠠᠭᠰᠠᠨ ᠨᠧᠪᠦ᠋ᠺᠠᠨᠧᠽᠠᠷ ᠬᠠᠭᠠᠨ ᠤ ᠵᠠᠷᠯᠢᠭ᠄
2 ᠬᠠᠮᠤᠭ ᠤᠨ ᠳᠡᠭᠡᠳᠦ ᠪᠤᠷᠬᠠᠨ ᠤ ᠥᠪᠡᠷ ᠲᠦ ᠮᠢᠨᠢ ᠦᠢᠯᠡᠳᠦᠭᠰᠡᠨ ᠲᠡᠮᠳᠡᠭ ᠤᠳ ᠪᠠ ᠭᠠᠢᠬᠠᠮᠰᠢᠭ ᠤᠳ ᠤᠨ ᠲᠤᠬᠠᠢ ᠳᠤᠭᠤᠯᠭᠠᠬᠤ ᠳᠠᠭᠠᠨ ᠪᠢ ᠪᠠᠶᠠᠷ ᠲᠠᠢ ᠪᠠᠢᠨ᠎ᠠ᠃
3 ᠲᠡᠭᠦᠨ ᠦ ᠲᠡᠮᠳᠡᠭ ᠤᠳ ᠶᠠᠮᠠᠷ ᠠᠭᠤᠤ ᠪᠤᠢ︕ ᠲᠡᠭᠦᠨ ᠦ ᠭᠠᠢᠬᠠᠮᠰᠢᠭ ᠤᠳ ᠶᠠᠮᠠᠷ ᠬᠦᠴᠦᠲᠡᠢ ᠪᠤᠢ︕ ᠲᠡᠭᠦᠨ ᠦ ᠬᠠᠭᠠᠨᠴᠢᠯᠠᠯ ᠡᠭᠦᠷᠢᠳᠡ ᠶᠢᠨ ᠬᠠᠭᠠᠨᠴᠢᠯᠠᠯ ᠲᠡᠭᠦᠨ ᠦ ᠨᠣᠶᠠᠷᠬᠠᠯ ᠦᠶ᠎ᠡ ᠶᠢᠨ ᠦᠶ᠎ᠡ ᠳᠦ᠃
4 ᠨᠧᠪᠦ᠋ᠺᠠᠨᠧᠽᠠᠷ ᠪᠢ ᠣᠷᠳᠣᠨ ᠳᠠᠬᠢ ᠥᠷᠥᠭᠡᠨ ᠳᠣᠲᠣᠷ᠎ᠠ ᠪᠠᠨ ᠠᠮᠤᠭᠤᠯᠠᠩ ᠲᠠᠪᠠᠲᠠᠢ ᠰᠠᠭᠤᠵᠤ ᠪᠠᠢᠬᠤ ᠳᠠᠭᠠᠨ 5 ᠨᠢᠭᠡᠨ ᠠᠶᠤᠮᠰᠢᠭᠲᠤ ᠵᠡᠭᠦᠳᠦ ᠵᠡᠭᠦᠳᠦᠯᠡᠭᠰᠡᠨ᠃ ᠪᠢ ᠣᠷᠣ ᠳᠡᠭᠡᠷ᠎ᠡ ᠪᠡᠨ ᠬᠡᠪᠲᠡᠵᠦ ᠪᠠᠢᠬᠤ ᠳᠤ᠂ ᠳᠦᠷᠰᠦᠲᠦ ᠦᠵᠡᠭᠳᠡᠯ ᠤᠳ ᠮᠢᠨᠦ ᠲᠠᠷᠢᠬᠢᠨ ᠳᠤ ᠣᠷᠣᠭᠰᠠᠨ ᠶᠤᠮ᠃ ᠡᠳᠡᠭᠡᠷ ᠦᠨ ᠤᠯᠠᠮ ᠢᠶᠠᠷ ᠪᠢ ᠰᠠᠨᠳᠤᠷᠴᠤ᠂ 6 ᠵᠡᠭᠦᠳᠦᠨ ᠦ ᠲᠠᠢᠯᠤᠯ ᠢ ᠬᠡᠯᠡᠭᠦᠯᠬᠦ ᠪᠡᠷ ᠵᠠᠷᠯᠢᠭ ᠭᠠᠷᠭᠠᠨ᠂ ᠪᠠᠪᠢᠯᠣᠨ ᠤ ᠬᠠᠮᠤᠭ ᠮᠡᠷᠭᠡᠳ ᠢ ᠥᠪᠡᠷ ᠦᠨ ᠢᠶᠠᠨ ᠡᠮᠦᠨ᠎ᠡ ᠠᠪᠴᠢᠷᠠᠭᠤᠯᠤᠭᠰᠠᠨ᠃ 7 ᠶᠢᠯᠸᠢᠴᠢᠳ᠂ ᠵᠢᠷᠤᠬᠠᠢᠴᠢᠳ᠂ ᠮᠡᠷᠭᠡᠳ ᠪᠣᠯᠣᠨ ᠲᠥᠯᠭᠡᠴᠢᠳ ᠢᠷᠡᠪᠡ᠃ ᠪᠢ ᠵᠡᠭᠦᠳᠦ ᠪᠡᠨ ᠬᠡᠯᠡᠭᠰᠡᠨ ᠪᠣᠯᠪᠠᠴᠤ ᠲᠡᠳᠡ ᠨᠠᠳᠠ ᠳᠤ ᠲᠠᠢᠯᠤᠯ ᠢ ᠮᠡᠳᠡᠭᠦᠯᠵᠦ ᠴᠢᠳᠠᠭ᠎ᠠ ᠦᠭᠡᠢ᠃ 8 ᠡᠴᠦᠰ ᠲᠤᠨᠢ ᠳ᠋ᠠᠨᠢᠶᠧᠯ ᠮᠢᠨᠦ ᠡᠮᠦᠨ᠎ᠡ ᠢᠷᠡᠪᠡ᠃ ᠲᠡᠷᠡ ᠪᠧᠯᠲ᠋ᠧᠱᠠᠽᠠᠷ ᠭᠡᠵᠦ ᠮᠢᠨᠦ ᠪᠤᠷᠬᠠᠨ ᠤ ᠨᠡᠷ᠎ᠡ ᠪᠡᠷ ᠨᠡᠷᠡᠯᠡᠭᠳᠡᠳᠡᠭ ᠪᠥᠭᠡᠳ ᠲᠡᠭᠦᠨ ᠦ ᠳᠣᠲᠣᠷ᠎ᠠ ᠠᠷᠢᠭᠤᠨ ᠪᠤᠷᠬᠠᠨ ᠤ ᠰᠦᠨᠡᠰᠦ ᠪᠤᠢ᠃ ᠪᠢ ᠲᠡᠭᠦᠨ ᠳᠦ ᠵᠡᠭᠦᠳᠦ ᠪᠡᠨ ᠶᠠᠷᠢᠵᠤ᠄ 9 〈ᠶᠢᠯᠸᠢᠴᠢᠳ ᠤᠨ ᠲᠡᠷᠢᠭᠦᠨ ᠪᠧᠯᠲ᠋ᠧᠱᠠᠽᠠᠷ ᠡ᠂ ᠠᠷᠢᠭᠤᠨ ᠪᠤᠷᠬᠠᠨ ᠤ ᠰᠦᠨᠡᠰᠦ ᠴᠢᠨᠦ ᠳᠣᠲᠣᠷ᠎ᠠ ᠪᠠᠢᠭ᠎ᠠ ᠲᠤᠯᠠ ᠶᠠᠮᠠᠷ ᠴᠤ ᠨᠢᠭᠤᠴᠠ ᠴᠢᠮ᠎ᠠ ᠳᠤ ᠬᠡᠴᠡᠭᠦᠦ ᠪᠢᠰᠢ ᠭᠡᠳᠡᠭ ᠢ ᠪᠢ ᠮᠡᠳᠡᠨ᠎ᠡ᠂ ᠵᠡᠭᠦᠳᠦᠯᠡᠭᠰᠡᠨ ᠵᠡᠭᠦᠳᠦᠨ ᠦ ᠮᠢᠨᠢ ᠲᠠᠢᠯᠤᠯ ᠢ ᠨᠢ ᠨᠠᠳᠠ ᠳᠤ ᠬᠡᠯᠡᠵᠦ ᠥᠭᠭᠥᠭᠡᠴᠢ᠃ 10 ᠪᠢ ᠣᠷᠣ ᠳᠡᠭᠡᠷ᠎ᠡ ᠪᠡᠨ ᠬᠡᠪᠲᠡᠵᠦ ᠪᠠᠢᠬᠤ ᠳᠤ᠂ ᠲᠠᠷᠢᠬᠢᠨ ᠳᠤ ᠮᠢᠨᠢ ᠣᠷᠣᠭᠰᠠᠨ ᠦᠵᠡᠭᠳᠡᠯ ᠤᠳ ᠡᠢᠮᠦ ᠪᠠᠢᠨ᠎ᠠ᠄ ᠪᠢ ᠦᠵᠡᠬᠦ ᠳᠦ᠂ ᠳᠡᠯᠡᠬᠡᠢ ᠶᠢᠨ ᠲᠥᠪ ᠲᠤ ᠲᠤᠢᠯ ᠤᠨ ᠥᠨᠳᠥᠷ ᠨᠢᠭᠡᠨ ᠮᠣᠳᠣ ᠪᠠᠢᠯ᠎ᠠ᠃
11 ᠲᠡᠷᠡ ᠮᠣᠳᠣ ᠥᠰᠴᠦ ᠬᠠᠲᠠᠭᠤᠷᠠᠭᠠᠳ ᠣᠷᠣᠢ ᠨᠢ ᠲᠩᠷᠢ ᠳᠤ ᠲᠤᠯᠵᠤ ᠳᠡᠯᠡᠬᠡᠢ ᠶᠢᠨ ᠬᠢᠵᠠᠭᠠᠷ ᠠᠴᠠ ᠴᠤ ᠬᠠᠷᠠᠭᠳᠠᠮᠠᠷ ᠪᠠᠢᠯ᠎ᠠ᠃
12 ᠨᠠᠪᠴᠢ ᠨᠢ ᠭᠣᠶᠣ᠂ ᠦᠷ᠎ᠡ ᠵᠢᠮᠢᠰ ᠨᠢ ᠡᠯᠪᠡᠭ ᠲᠡᠭᠦᠨ ᠳᠦ ᠪᠦᠬᠦᠨ ᠢ ᠬᠠᠩ᠋ᠭᠠᠬᠤ ᠬᠦᠨᠡᠰᠦ ᠲᠠᠢ᠂ ᠳᠣᠣᠷ᠎ᠠ ᠨᠢ ᠬᠡᠭᠡᠷ᠎ᠡ ᠶᠢᠨ ᠠᠷᠢᠶᠠᠲᠠᠳ ᠬᠣᠷᠭᠣᠳᠠᠵᠤ ᠮᠥᠴᠢᠷ ᠲᠤᠨᠢ ᠣᠭᠲᠠᠷᠭᠤᠢ ᠶᠢᠨ ᠰᠢᠪᠠᠭᠤᠳ ᠰᠠᠭᠤᠨ ᠮᠢᠬᠠᠨ ᠪᠡᠶᠡᠲᠦ ᠪᠦᠬᠦᠨ ᠲᠡᠭᠦᠨ ᠡᠴᠡ ᠬᠣᠭᠣᠯᠠᠯᠠᠪᠠ᠃
13 ᠪᠢ ᠣᠷᠣ ᠳᠡᠭᠡᠷ᠎ᠡ ᠪᠡᠨ ᠬᠡᠪᠲᠡᠵᠦ ᠪᠠᠢᠬᠤ ᠳᠤ᠂ ᠲᠠᠷᠢᠬᠢᠨ ᠳᠤ ᠮᠢᠨᠢ ᠣᠷᠣᠭᠰᠠᠨ ᠦᠵᠡᠭᠳᠡᠯ ᠳᠦ᠂ ᠨᠢᠭᠡᠨ ᠠᠷᠢᠭᠤᠨ ᠡᠯᠴᠢ 2 ᠲᠩᠷᠢ ᠡᠴᠡ ᠪᠠᠭᠤᠵᠤ ᠢᠷᠡᠬᠦ ᠶᠢ ᠪᠢ ᠬᠠᠷᠠᠪᠠ᠃〉
14 ᠲᠡᠷᠡ ᠴᠢᠩᠭ᠍᠎ᠠ ᠳᠠᠭᠤ ᠪᠠᠷ᠄ 〈ᠲᠠ ᠨᠠᠷ ᠲᠡᠷᠡ ᠮᠣᠳᠣ ᠶᠢ ᠴᠠᠪᠴᠢ᠂ ᠮᠥᠴᠢᠷ ᠤᠳ ᠢ ᠨᠢ ᠳᠠᠭᠠᠷᠢᠵᠤ ᠨᠠᠪᠴᠢᠰ ᠢ ᠨᠢ ᠤᠨᠠᠭᠠᠵᠤ᠂ ᠦᠷ᠎ᠡ ᠵᠢᠮᠢᠰ ᠢ ᠨᠢ ᠪᠤᠲᠠᠷᠠᠭ᠎ᠠ ᠳᠣᠣᠷ᠎ᠠ ᠠᠴᠠ ᠨᠢ ᠠᠷᠢᠶᠠᠲᠠᠳ ᠢ᠂ ᠮᠥᠴᠢᠷ ᠡᠴᠡ ᠨᠢ ᠰᠢᠪᠠᠭᠤᠳ ᠢ ᠥᠷᠭᠥᠭᠡ᠃
15 ᠬᠠᠷᠢᠨ ᠶᠣᠵᠣᠭᠣᠷ ᠢ ᠨᠢ ᠦᠨᠳᠦᠰᠦ ᠲᠠᠢ ᠨᠢ ᠬᠠᠮᠲᠤ ᠭᠠᠵᠠᠷ ᠲᠤ ᠦᠯᠡᠳᠡᠭᠡ ᠲᠡᠭᠦᠨ ᠢ ᠲᠡᠮᠦᠷ ᠬᠢᠭᠡᠳ ᠬᠦᠷᠡᠯ ᠢᠶᠡᠷ ᠤᠶᠠᠵᠤ ᠬᠡᠭᠡᠷ᠎ᠡ ᠶᠢᠨ ᠡᠪᠡᠰᠦᠨ ᠳᠤᠮᠳᠠ ᠪᠠᠢᠯᠭ᠎ᠠ᠂ ᠲᠡᠷᠡ ᠪᠡᠷ ᠲᠩᠷᠢ ᠶᠢᠨ ᠰᠢᠭᠦᠳᠡᠷᠢ ᠳᠤ ᠨᠣᠷᠴᠤ ᠠᠷᠢᠶᠠᠲᠠᠳ ᠲᠠᠢ ᠬᠠᠮᠲᠤ ᠭᠠᠵᠠᠷ ᠤᠨ ᠡᠪᠡᠰᠦᠨ ᠳᠤᠮᠳᠠ ᠠᠮᠢᠳᠤᠷᠠᠭ᠃
16 ᠣᠶᠤᠨ ᠰᠠᠨᠠᠭ᠎ᠠ ᠨᠢ ᠥᠭᠡᠷᠡᠴᠢᠯᠡᠭᠳᠡᠨ ᠬᠥᠮᠦᠨ ᠦ ᠬᠢ ᠪᠢᠰᠢ ᠪᠣᠯᠣᠭ ᠲᠡᠷᠡ ᠳᠣᠯᠣᠭᠠᠨ ᠴᠠᠭ ᠦᠶ᠎ᠡ ᠥᠩᠭᠡᠷᠡᠲᠡᠯ᠎ᠡ ᠠᠷᠢᠶᠠᠲᠠᠨ ᠤ ᠣᠶᠤᠨ ᠲᠠᠢ ᠪᠣᠯᠣᠭ᠃
17 ᠡᠨᠡ ᠨᠢ ᠡᠯᠴᠢᠳ ᠤᠨ ᠵᠠᠷᠯᠢᠭ ᠡᠨᠡ ᠨᠢ ᠠᠷᠢᠭᠤᠨ ᠪᠦᠭᠦᠳᠡ ᠶᠢᠨ ᠰᠢᠢᠳᠪᠦᠷᠢ ᠲᠡᠢᠨ ᠬᠦ ᠬᠠᠮᠤᠭ ᠤᠨ ᠳᠡᠭᠡᠳᠦ ᠨᠢᠭᠡᠨ ᠨᠢ ᠬᠥᠮᠦᠨ ᠦ ᠬᠠᠭᠠᠨᠴᠢᠯᠠᠯ ᠢ ᠵᠠᠬᠢᠷᠴᠤ ᠬᠦᠰᠡᠭᠰᠡᠨ ᠬᠥᠮᠦᠨ ᠳᠡᠭᠡᠨ ᠲᠡᠭᠦᠨ ᠢ ᠥᠭᠴᠦ ᠬᠠᠮᠤᠭ ᠤᠨ ᠳᠣᠣᠷᠠᠳᠤ ᠨᠢᠭᠡᠨ ᠢ ᠴᠤ ᠲᠡᠭᠦᠨ ᠳᠡᠭᠡᠷ᠎ᠡ ᠡᠷᠭᠦᠮᠵᠢᠯᠡᠳᠡᠭ᠌ ᠢᠶᠡᠨ ᠠᠮᠢᠳᠤ ᠪᠠᠢᠭᠰᠠᠳ ᠲᠤ ᠮᠡᠳᠡᠭᠦᠯᠬᠦ ᠭᠡᠵᠦ ᠪᠠᠢᠨ᠎ᠠ〉 ᠭᠡᠪᠡ᠃
18 ᠨᠧᠪᠦ᠋ᠺᠠᠨᠧᠽᠠᠷ ᠬᠠᠭᠠᠨ ᠮᠢᠨᠦ ᠵᠡᠭᠦᠳᠦᠯᠡᠭᠰᠡᠨ ᠵᠡᠭᠦᠳᠦ ᠡᠨᠡ ᠪᠠᠢᠨ᠎ᠠ᠃ ᠪᠧᠯᠲ᠋ᠧᠱᠠᠽᠠᠷ ᠡ᠂ ᠣᠳᠣ ᠴᠢ ᠲᠡᠭᠦᠨ ᠦ ᠲᠠᠢᠯᠤᠯ ᠢ ᠬᠡᠯᠡᠵᠦ ᠥᠭᠭᠥᠭᠡᠴᠢ᠃ ᠮᠢᠨᠦ ᠬᠠᠭᠠᠨᠴᠢᠯᠠᠯ ᠤᠨ ᠮᠡᠷᠭᠡᠳ ᠡᠴᠡ ᠬᠡᠨ ᠨᠢ ᠴᠤ ᠡᠭᠦᠨ ᠦ ᠲᠠᠢᠯᠤᠯ ᠢ ᠬᠡᠯᠡᠵᠦ ᠥᠭᠴᠦ ᠴᠢᠳᠠᠭ᠎ᠠ ᠦᠭᠡᠢ᠃ ᠬᠠᠷᠢᠨ ᠴᠢᠨᠦ ᠳᠣᠲᠣᠷ᠎ᠠ ᠠᠷᠢᠭᠤᠨ ᠪᠤᠷᠬᠠᠨ ᠤ ᠰᠦᠨᠡᠰᠦ ᠪᠠᠢᠭ᠎ᠠ ᠤᠴᠢᠷ ᠠᠴᠠ ᠴᠢ ᠴᠢᠳᠠᠨ᠎ᠠ》 ᠭᠡᠯᠡ᠃
19 ᠪᠧᠯᠲ᠋ᠧᠱᠠᠽᠠᠷ ᠭᠡᠭᠳᠡᠳᠡᠭ ᠳ᠋ᠠᠨᠢᠶᠧᠯ ᠬᠡᠰᠡᠭ ᠵᠠᠭᠤᠷ᠎ᠠ ᠮᠡᠯ ᠭᠠᠢᠬᠠᠵᠤ᠂ ᠵᠢᠷᠦᠬᠡ ᠨᠢ ᠲᠦᠭᠰᠢᠪᠡ᠃ ᠬᠠᠭᠠᠨ ᠲᠡᠭᠦᠨ ᠳᠦ᠄ 《ᠪᠧᠯᠲ᠋ᠧᠱᠠᠽᠠᠷ ᠡ᠂ ᠡᠨᠡ ᠵᠡᠭᠦᠳᠦ ᠪᠠ ᠲᠠᠢᠯᠤᠯ ᠵᠢᠷᠦᠬᠡ ᠶᠢ ᠴᠢᠨᠢ ᠪᠦᠦ ᠲᠦᠭᠰᠢᠭᠡᠭ》 ᠭᠡᠰᠡᠨ ᠳᠦ᠂ ᠪᠧᠯᠲ᠋ᠧᠱᠠᠽᠠᠷ᠄ 《ᠡᠵᠡᠨ ᠮᠢᠨᠢ᠂ ᠡᠨᠡ ᠵᠡᠭᠦᠳᠦ ᠲᠠᠨ ᠢ ᠦᠵᠡᠨ ᠶᠠᠳᠠᠭᠴᠢᠳ ᠤᠨ ᠬᠢ᠂ ᠲᠠᠢᠯᠤᠯ ᠨᠢ ᠲᠠᠨ ᠤ ᠳᠠᠢᠰᠤᠨ ᠨᠤᠭᠤᠳ ᠤᠨ ᠬᠢ ᠪᠣᠯᠣᠭᠠᠰᠠᠢ᠃ 20 ᠬᠠᠭᠠᠨ ᠲᠠᠨ ᠤ ᠦᠵᠡᠭᠰᠡᠨ ᠲᠡᠷᠡ ᠮᠣᠳᠣ ᠥᠰᠴᠦ ᠬᠠᠲᠠᠭᠤᠷᠠᠨ᠂ ᠣᠷᠣᠢ ᠨᠢ ᠲᠩᠷᠢ ᠳᠤ ᠲᠤᠯᠵᠤ᠂ ᠳᠡᠯᠡᠬᠡᠢ ᠶᠢᠨ ᠬᠢᠵᠠᠭᠠᠷ ᠠᠴᠠ ᠴᠤ ᠬᠠᠷᠠᠭᠳᠠᠮᠠᠷ ᠪᠠᠢᠯ᠎ᠠ᠂ 21 ᠨᠠᠪᠴᠢ ᠨᠢ ᠭᠣᠶᠣ᠂ ᠦᠷ᠎ᠡ ᠵᠢᠮᠢᠰ ᠨᠢ ᠡᠯᠪᠡᠭ᠂ ᠲᠡᠭᠦᠨ ᠳᠦ ᠪᠦᠬᠦᠨ ᠢ ᠬᠠᠩ᠋ᠭᠠᠬᠤ ᠬᠦᠨᠡᠰᠦ ᠲᠠᠢ᠂ ᠳᠣᠣᠷ᠎ᠠ ᠨᠢ ᠬᠡᠭᠡᠷ᠎ᠡ ᠶᠢᠨ ᠠᠷᠢᠶᠠᠲᠠᠳ ᠠᠮᠢᠳᠤᠷᠠᠵᠤ᠂ ᠮᠥᠴᠢᠷ ᠲᠤᠨᠢ ᠣᠭᠲᠠᠷᠭᠤᠢ ᠶᠢᠨ ᠰᠢᠪᠠᠭᠤᠳ ᠰᠠᠭᠤᠵᠠᠭᠠᠭᠰᠠᠨ᠃ 22 ᠬᠠᠭᠠᠨᠲᠠᠨ ᠮᠢᠨᠢ᠂ ᠲᠡᠷᠡ ᠮᠣᠳᠣ ᠪᠣᠯ ᠲᠠ ᠶᠤᠮ᠃ ᠦᠨᠡᠬᠡᠷ ᠲᠠ ᠥᠰᠴᠦ ᠬᠠᠲᠠᠭᠤᠷᠠᠭᠰᠠᠨ᠂ ᠲᠠᠨ ᠤ ᠠᠭᠤᠤ ᠰᠦᠷ ᠨᠡᠮᠡᠭᠳᠡᠨ ᠲᠩᠷᠢ ᠳᠤ ᠲᠤᠯᠵᠤ᠂ ᠨᠣᠶᠠᠷᠬᠠᠯ ᠲᠠᠨᠢ ᠳᠡᠯᠡᠬᠡᠢ ᠶᠢᠨ ᠬᠢᠵᠠᠭᠠᠷ ᠲᠤ ᠬᠦᠷᠦᠭᠰᠡᠨ ᠪᠢᠯᠡ᠃ 23 ᠬᠠᠭᠠᠨ ᠲᠠ ᠦᠵᠡᠬᠦ ᠳᠦ᠂ ᠨᠢᠭᠡᠨ ᠠᠷᠢᠭᠤᠨ ᠡᠯᠴᠢ ᠲᠩᠷᠢ ᠡᠴᠡ ᠪᠠᠭᠤᠵᠤ ᠢᠷᠡᠭᠡᠳ᠄ 〈ᠲᠡᠷᠡ ᠮᠣᠳᠣ ᠶᠢ ᠴᠠᠪᠴᠢᠵᠤ ᠤᠰᠠᠳᠬ᠎ᠠ᠂ ᠬᠠᠷᠢᠨ ᠶᠣᠵᠣᠭᠣᠷ ᠢ ᠨᠢ ᠦᠨᠳᠦᠰᠦ ᠲᠠᠢ ᠨᠢ ᠬᠠᠮᠲᠤ ᠭᠠᠵᠠᠷ ᠲᠤ ᠦᠯᠡᠳᠡᠭᠡ᠂ ᠲᠡᠭᠦᠨ ᠢ ᠲᠡᠮᠦᠷ ᠪᠠ ᠬᠦᠷᠡᠯ ᠢᠶᠡᠷ ᠤᠶᠠᠵᠤ᠂ ᠬᠡᠭᠡᠷ᠎ᠡ ᠶᠢᠨ ᠡᠪᠡᠰᠦᠨ ᠳᠤᠮᠳᠠ ᠪᠠᠢᠯᠭ᠎ᠠ᠃ ᠲᠡᠷᠡ ᠪᠡᠷ ᠲᠩᠷᠢ ᠶᠢᠨ ᠰᠢᠭᠦᠳᠡᠷᠢ ᠳᠤ ᠨᠣᠷᠴᠤ᠂ ᠬᠡᠭᠡᠷ᠎ᠡ ᠶᠢᠨ ᠠᠷᠢᠶᠠᠲᠠᠳ ᠲᠠᠢ ᠬᠠᠮᠲᠤ ᠠᠮᠢᠳᠤᠷᠠᠨ ᠳᠣᠯᠣᠭᠠᠨ ᠴᠠᠭ ᠦᠶ᠎ᠡ ᠶᠢ ᠥᠩᠭᠡᠷᠡᠭᠡᠭ〉 ᠭᠡᠵᠦ ᠬᠡᠯᠡᠭᠰᠡᠨ᠃ 24 ᠲᠡᠭᠦᠨ ᠦ ᠲᠠᠢᠯᠤᠯ ᠨᠢ ᠡᠨᠡ᠂ ᠬᠠᠮᠤᠭ ᠤᠨ ᠳᠡᠭᠡᠳᠦ ᠨᠢᠭᠡᠨ ᠦ ᠡᠵᠡᠨ ᠬᠠᠭᠠᠨ ᠳᠤ ᠮᠢᠨᠢ ᠪᠠᠭᠤᠯᠠᠭᠠᠭᠰᠠᠨ ᠵᠠᠷᠯᠢᠭ ᠡᠨᠡ ᠪᠠᠢᠨ᠎ᠠ᠂ ᠬᠠᠭᠠᠨᠲᠠᠨ ᠮᠢᠨᠢ᠃ 25 ᠲᠠ ᠬᠥᠮᠦᠰ ᠦᠨ ᠳᠤᠮᠳᠠ ᠠᠴᠠ ᠬᠥᠭᠡᠭᠡᠭᠳᠡᠵᠦ᠂ ᠬᠡᠭᠡᠷ᠎ᠡ ᠶᠢᠨ ᠠᠷᠢᠶᠠᠲᠠᠳ ᠲᠠᠢ ᠬᠠᠮᠲᠤ ᠠᠮᠢᠳᠤᠷᠠᠨ᠎ᠠ᠂ ᠬᠠᠮᠤᠭ ᠤᠨ ᠳᠡᠭᠡᠳᠦ ᠨᠢᠭᠡᠨ ᠨᠢ ᠬᠥᠮᠦᠨ ᠦ ᠬᠠᠭᠠᠨᠴᠢᠯᠠᠯ ᠢ ᠵᠠᠬᠢᠷᠴᠤ᠂ ᠬᠦᠰᠡᠭᠰᠡᠨ ᠬᠥᠮᠦᠨ ᠳᠡᠭᠡᠨ ᠲᠡᠭᠦᠨ ᠢ ᠥᠭᠳᠡᠭ ᠭᠡᠳᠡᠭ ᠢ ᠣᠢᠯᠠᠭᠠᠬᠤ ᠬᠦᠷᠲᠡᠯ᠎ᠡ ᠪᠡᠨ ᠲᠠ ᠦᠬᠡᠷ ᠮᠡᠲᠦ ᠡᠪᠡᠰᠦ ᠢᠳᠡᠵᠦ᠂ ᠲᠩᠷᠢ ᠶᠢᠨ ᠰᠢᠭᠦᠳᠡᠷᠢ ᠳᠤ ᠨᠣᠷᠴᠤ᠂ ᠳᠣᠯᠣᠭᠠᠨ ᠴᠠᠭ ᠦᠶ᠎ᠡ ᠶᠢ ᠥᠩᠭᠡᠷᠡᠭᠡᠨ᠎ᠡ᠃ 26 ᠲᠡᠳᠡ ᠮᠣᠳᠣᠨ ᠤ ᠶᠣᠵᠣᠭᠣᠷ ᠢ ᠦᠨᠳᠦᠰᠦ ᠲᠠᠢ ᠨᠢ ᠦᠯᠡᠳᠡᠭᠡ ᠭᠡᠵᠦ ᠬᠡᠯᠡᠭᠰᠡᠨ ᠨᠢ ᠲᠩᠷᠢ ᠵᠠᠬᠢᠷᠳᠠᠭ ᠢ ᠲᠠ ᠤᠬᠠᠭᠠᠷᠠᠭᠰᠠᠨ ᠴᠠᠭ ᠠᠴᠠ ᠲᠠᠨ ᠤ ᠬᠠᠭᠠᠨᠴᠢᠯᠠᠯ ᠰᠡᠷᠭᠦᠬᠦ ᠪᠣᠯᠣᠨ᠎ᠠ᠃ 27 ᠲᠡᠢᠮᠦ ᠡᠴᠡ ᠬᠠᠭᠠᠨᠲᠠᠨ ᠮᠢᠨᠢ᠂ ᠵᠥᠪᠯᠡᠯᠭᠡ ᠶᠢ ᠮᠢᠨᠢ ᠬᠦᠯᠢᠶᠡᠨ ᠠᠪᠤᠨ᠎ᠠ ᠤᠤ︖ ᠵᠥᠪ ᠢ ᠦᠢᠯᠡᠳᠦᠨ᠂ ᠨᠢᠭᠦᠯ ᠤᠳ ᠠᠴᠠ ᠪᠠᠨ ᠰᠠᠯᠵᠤ᠂ ᠶᠠᠳᠠᠭᠤᠰ ᠢ ᠡᠨᠡᠷᠢᠨ ᠬᠢᠯᠢᠨᠴᠡ ᠪᠡᠨ ᠬᠠᠶᠠ᠃ ᠲᠡᠭᠡᠪᠡᠯ ᠲᠠᠨ ᠤ ᠡᠩᠬᠡ ᠪᠠᠢᠳᠠᠯ ᠤᠷᠲᠤᠰᠴᠤ ᠮᠠᠭᠠᠳ ᠦᠭᠡᠢ》 ᠭᠡᠪᠡ᠃
28 ᠡᠨᠡ ᠪᠦᠬᠦᠨ ᠨᠧᠪᠦ᠋ᠺᠠᠨᠧᠽᠠᠷ ᠬᠠᠭᠠᠨ ᠳᠤ ᠪᠡᠶᠡᠯᠡᠪᠡ᠃ 29 ᠠᠷᠪᠠᠨ ᠬᠣᠶᠠᠷ ᠰᠠᠷ᠎ᠠ ᠶᠢᠨ ᠳᠠᠷᠠᠭ᠎ᠠ᠂ ᠬᠠᠭᠠᠨ ᠪᠠᠪᠢᠯᠣᠨ ᠳᠤ ᠣᠷᠳᠣᠨ ᠤ ᠪᠠᠨ ᠳᠡᠭᠡᠪᠦᠷ ᠳᠡᠭᠡᠷ᠎ᠡ ᠠᠯᠬᠤᠯᠠᠵᠤ ᠪᠠᠢᠬᠤ ᠳᠠᠭᠠᠨ 30 《ᠠᠭᠤᠤ ᠶᠡᠬᠡ ᠪᠠᠪᠢᠯᠣᠨ ᠡᠨᠡ ᠪᠠᠢᠨ᠎ᠠ᠂ ᠪᠢ ᠢᠷᠠᠭᠤ ᠠᠯᠳᠠᠷ ᠤᠨ ᠢᠶᠠᠨ ᠲᠥᠯᠥᠭᠡ ᠥᠪᠡᠷ ᠦᠨ ᠢᠶᠠᠨ ᠬᠦᠴᠦ ᠴᠢᠳᠠᠯ ᠢᠶᠠᠷ ᠬᠠᠭᠠᠨ ᠤ ᠰᠠᠭᠤᠳᠠᠭ ᠡᠨᠡ ᠭᠠᠵᠠᠷ ᠢ ᠪᠠᠢᠭᠤᠯᠤᠭᠰᠠᠨ》 ᠭᠡᠯᠡ᠃ 31 ᠡᠨᠡ ᠦᠭᠡ ᠬᠠᠭᠠᠨ ᠤ ᠠᠮᠠᠨ ᠠᠴᠠ ᠭᠠᠷᠴᠤ ᠪᠠᠷᠠᠭ᠎ᠠ ᠦᠭᠡᠢ ᠪᠠᠢᠬᠤ ᠳᠤ᠂ ᠲᠩᠷᠢ ᠡᠴᠡ ᠳᠠᠭᠤ ᠭᠠᠷᠴᠤ᠄ 《ᠨᠧᠪᠦ᠋ᠺᠠᠨᠧᠽᠠᠷ ᠬᠠᠭᠠᠨ᠂ ᠴᠢᠮ᠎ᠠ ᠳᠤ ᠬᠡᠯᠡᠶ᠎ᠡ᠃ ᠬᠠᠭᠠᠨᠴᠢᠯᠠᠯ ᠴᠢᠮ᠎ᠠ ᠠᠴᠠ ᠵᠠᠢᠯᠠᠯᠠ︕ 32 ᠴᠢ ᠬᠥᠮᠦᠰ ᠦᠨ ᠳᠤᠮᠳᠠ ᠠᠴᠠ ᠬᠥᠭᠡᠭᠡᠭᠳᠡᠵᠦ᠂ ᠬᠡᠭᠡᠷ᠎ᠡ ᠶᠢᠨ ᠠᠷᠢᠶᠠᠲᠠᠳ ᠲᠠᠢ ᠬᠠᠮᠲᠤ ᠠᠮᠢᠳᠤᠷᠠᠨ᠎ᠠ᠂ ᠬᠠᠮᠤᠭ ᠤᠨ ᠳᠡᠭᠡᠳᠦ ᠨᠢᠭᠡᠨ ᠨᠢ ᠬᠥᠮᠦᠨ ᠦ ᠬᠠᠭᠠᠨᠴᠢᠯᠠᠯ ᠢ ᠵᠠᠬᠢᠷᠴᠤ᠂ ᠬᠦᠰᠡᠭᠰᠡᠨ ᠬᠥᠮᠦᠨ ᠳᠡᠭᠡᠨ ᠲᠡᠭᠦᠨ ᠢ ᠥᠭᠳᠡᠭ ᠭᠡᠳᠡᠭ ᠢ ᠣᠢᠯᠠᠭᠠᠬᠤ ᠬᠦᠷᠲᠡᠯ᠎ᠡ ᠪᠡᠨ ᠴᠢ ᠦᠬᠡᠷ ᠮᠡᠲᠦ ᠡᠪᠡᠰᠦ ᠢᠳᠡᠨ ᠳᠣᠯᠣᠭᠠᠨ ᠴᠠᠭ ᠦᠶ᠎ᠡ ᠶᠢ ᠥᠩᠭᠡᠷᠡᠭᠡᠬᠦ ᠪᠣᠯᠣᠨ᠎ᠠ》 ᠭᠡᠪᠡ᠃ 33 ᠨᠧᠪᠦ᠋ᠺᠠᠨᠧᠽᠠᠷ ᠤᠨ ᠲᠠᠯ᠎ᠠ ᠪᠠᠷ ᠬᠢ ᠡᠨᠡ ᠦᠭᠡ ᠶᠠᠭ ᠲᠡᠷᠡ ᠮᠥᠴᠡ ᠳᠦ ᠪᠡᠶᠡᠯᠡᠵᠡᠢ᠃ ᠲᠡᠷᠡ ᠪᠡᠷ ᠬᠥᠮᠦᠰ ᠦᠨ ᠳᠤᠮᠳᠠ ᠠᠴᠠ ᠬᠥᠭᠡᠭᠡᠭᠳᠡᠭᠡᠳ ᠦᠬᠡᠷ ᠮᠡᠲᠦ ᠡᠪᠡᠰᠦ ᠢᠳᠡᠵᠦ᠂ ᠪᠡᠶ᠎ᠡ ᠨᠢ ᠲᠩᠷᠢ ᠶᠢᠨ ᠰᠢᠭᠦᠳᠡᠷᠢ ᠳᠤ ᠨᠣᠷᠴᠤ᠂ ᠦᠰᠦ ᠨᠢ ᠪᠦᠷᠭᠦᠳ ᠦᠨ ᠥᠳᠥ ᠮᠡᠲᠦ᠂ ᠬᠢᠮᠤᠰᠤ ᠨᠢ ᠰᠢᠪᠠᠭᠤᠨ ᠤ ᠰᠠᠪᠠᠷ ᠮᠡᠲᠦ ᠤᠷᠭᠤᠭᠰᠠᠨ ᠪᠠᠢᠯ᠎ᠠ᠃
34 ᠬᠠᠷᠢᠨ ᠲᠡᠷᠡ ᠡᠳᠦᠷ ᠤᠳ ᠤᠨ ᠡᠴᠦᠰ ᠢᠶᠡᠷ ᠨᠧᠪᠦ᠋ᠺᠠᠨᠧᠽᠠᠷ ᠪᠢ ᠲᠩᠷᠢ ᠥᠭᠡᠳᠡ ᠨᠢᠳᠦ ᠡᠷᠭᠦᠨ ᠬᠠᠷᠠᠲᠠᠯ᠎ᠠ ᠡᠷᠡᠭᠦᠯ ᠤᠬᠠᠭᠠᠨ ᠮᠢᠨᠢ ᠰᠡᠷᠭᠦᠯ᠎ᠡ᠃ ᠡᠢᠮᠦ ᠡᠴᠡ ᠪᠢ ᠬᠠᠮᠤᠭ ᠤᠨ ᠳᠡᠭᠡᠳᠦ᠂ ᠮᠥᠩᠬᠡᠳᠡ ᠠᠮᠢᠳᠤᠷᠠᠳᠠᠭ ᠨᠢᠭᠡᠨ ᠢ ᠮᠠᠭᠲᠠᠵᠤ᠂ ᠬᠦᠨᠳᠦᠳᠬᠡᠨ ᠠᠯᠳᠠᠷᠰᠢᠭᠤᠯᠪᠠ᠃ ᠲᠡᠭᠦᠨ ᠦ ᠨᠣᠶᠠᠷᠬᠠᠯ ᠡᠭᠦᠷᠢᠳᠡ ᠶᠢᠨ ᠨᠣᠶᠠᠷᠬᠠᠯ ᠲᠡᠭᠦᠨ ᠦ ᠬᠠᠭᠠᠨᠴᠢᠯᠠᠯ ᠦᠶ᠎ᠡ ᠶᠢᠨ ᠦᠶ᠎ᠡ ᠳᠦ᠃
35 ᠳᠡᠯᠡᠬᠡᠢ ᠶᠢᠨ ᠪᠦᠬᠦ ᠰᠠᠭᠤᠭᠠᠯᠢᠴᠢᠳ ᠨᠢ ᠶᠠᠭᠤ ᠴᠤ ᠪᠢᠰᠢ ᠭᠡᠵᠦ ᠲᠣᠭᠠᠴᠠᠭᠳᠠᠳᠠᠭ ᠲᠩᠷᠢ ᠶᠢᠨ ᠬᠦᠴᠦᠲᠡᠳ ᠲᠦ ᠴᠤ ᠭᠠᠵᠠᠷ ᠤᠨ ᠰᠠᠭᠤᠭᠠᠯᠢᠴᠢᠳ ᠲᠤ ᠴᠤ ᠲᠡᠷᠡ ᠥᠪᠡᠷ ᠦᠨ ᠢᠶᠠᠨ ᠰᠠᠨᠠᠭ᠎ᠠ ᠪᠠᠷ ᠦᠢᠯᠡᠳᠳᠡᠭ ᠲᠡᠭᠦᠨ ᠦ ᠮᠤᠲᠤᠷ ᠢ ᠬᠣᠷᠢᠵᠤ᠄ 《ᠲᠠ ᠶᠠᠭᠠᠬᠢᠬᠤ ᠭᠡᠵᠦ ᠪᠠᠢᠨ᠎ᠠ︖》 ᠭᠡᠬᠦ ᠬᠥᠮᠦᠨ ᠠᠯᠠᠭ᠎ᠠ᠃
36 ᠲᠡᠷᠡ ᠮᠥᠴᠡ ᠳᠦ ᠡᠷᠡᠭᠦᠯ ᠤᠬᠠᠭᠠᠨ ᠮᠢᠨᠢ ᠰᠡᠷᠭᠦᠪᠡ᠃ ᠮᠢᠨᠦ ᠬᠠᠭᠠᠨᠴᠢᠯᠠᠯ ᠤᠨ ᠢᠷᠠᠭᠤ ᠠᠯᠳᠠᠷ ᠤᠨ ᠲᠥᠯᠥᠭᠡ ᠮᠢᠨᠦ ᠨᠡᠷ᠎ᠡ ᠠᠯᠳᠠᠷ᠂ ᠰᠦᠷ ᠵᠢᠪᠬᠤᠯᠠᠩ ᠰᠡᠷᠭᠦᠵᠡᠢ᠃ ᠮᠢᠨᠦ ᠵᠥᠪᠯᠡᠭᠴᠢᠳ ᠪᠠ ᠨᠣᠶᠠᠳ ᠨᠠᠳᠠ ᠤᠷᠤᠭᠤ ᠢᠷᠡᠵᠦ ᠪᠠᠷᠠᠭᠠᠯᠬᠠᠪᠠ᠃ ᠪᠢ ᠬᠠᠭᠠᠨ ᠤ ᠰᠡᠨᠲᠢ ᠳᠤ ᠳᠠᠬᠢᠨ ᠰᠠᠭᠤᠵᠤ᠂ ᠠᠭᠤᠤ ᠰᠦᠷ ᠨᠠᠳᠠ ᠳᠤ ᠨᠡᠮᠡᠭᠳᠡᠪᠡ᠃ 37 ᠣᠳᠣ ᠨᠧᠪᠦ᠋ᠺᠠᠨᠧᠽᠠᠷ ᠪᠢ ᠲᠩᠷᠢ ᠶᠢᠨ ᠬᠠᠭᠠᠨ ᠢ ᠬᠦᠨᠳᠦᠳᠬᠡᠨ᠂ ᠡᠷᠭᠦᠮᠵᠢᠯᠡᠨ᠂ ᠠᠯᠳᠠᠷᠰᠢᠭᠤᠯᠵᠤ ᠪᠠᠢᠨ᠎ᠠ᠃ ᠲᠡᠭᠦᠨ ᠦ ᠦᠢᠯᠡᠰ ᠪᠦᠭᠦᠳᠡ ᠵᠥᠪ᠂ ᠲᠡᠭᠦᠨ ᠦ ᠵᠠᠮ ᠪᠦᠭᠦᠳᠡ ᠰᠢᠳᠤᠷᠭᠤ᠃ ᠲᠡᠷᠡ ᠪᠡᠷ ᠪᠠᠷᠳᠠᠮ ᠢᠶᠠᠷ ᠠᠯᠬᠤᠭᠴᠢᠳ ᠢ ᠳᠠᠷᠤᠤ ᠪᠣᠯᠭᠠᠵᠤ ᠴᠢᠳᠠᠨ᠎ᠠ᠃