ᠳ᠋ᠠᠨᠢᠶᠧᠯ ᠠᠷᠪᠠ
ᠦᠨᠳᠦᠰᠦᠲᠡᠨ ᠨᠦᠭᠦᠳ ᠦᠨ ᠳᠠᠢᠨ᠂ ᠲᠩᠷᠢᠯᠢᠭ ᠬᠦᠴᠦᠲᠡᠳ ᠦᠨ ᠲᠡᠮᠡᠴᠡᠯ
1 ᠫᠧᠷᠰ ᠤᠨ ᠬᠠᠭᠠᠨ ᠺᠦᠷᠣᠰ ᠤᠨ ᠭᠤᠷᠪᠠᠳᠤᠭᠠᠷ ᠣᠨ ᠳᠤ᠂ ᠪᠧᠯᠲ᠋ᠧᠱᠠᠽᠠᠷ ᠭᠡᠵᠦ ᠨᠡᠷᠡᠯᠡᠭᠳᠡᠳᠡᠭ ᠳ᠋ᠠᠨᠢᠶᠧᠯ ᠳᠤ ᠨᠢᠭᠡᠨ ᠦᠭᠡ ᠢᠯᠡᠷᠬᠡᠶᠢᠯᠡᠭᠳᠡᠪᠡ᠃ ᠲᠡᠷᠡ ᠦᠭᠡ ᠦᠨᠡᠨ ᠪᠥᠭᠡᠳ ᠶᠡᠬᠡ ᠲᠡᠮᠡᠴᠡᠯ ᠦᠨ ᠲᠤᠬᠠᠢ ᠶᠤᠮ᠃ ᠳ᠋ᠠᠨᠢᠶᠧᠯ ᠲᠡᠷᠡ ᠦᠭᠡ ᠶᠢ ᠣᠢᠯᠠᠭᠠᠵᠤ᠂ ᠮᠥᠨ ᠲᠡᠷᠡ ᠦᠵᠡᠭᠳᠡᠯ ᠢ ᠤᠬᠠᠭᠠᠷᠠᠯ᠎ᠠ᠃
2 ᠲᠡᠷᠡ ᠡᠳᠦᠷ ᠤᠳ ᠲᠤ ᠳ᠋ᠠᠨᠢᠶᠧᠯ ᠪᠢ ᠪᠦᠲᠦᠨ ᠭᠤᠷᠪᠠᠨ ᠭᠠᠷᠠᠭ ᠭᠠᠰᠢᠭᠤᠳᠠᠵᠤ ᠪᠠᠢᠭᠰᠠᠨ᠃ 3 ᠪᠦᠲᠦᠨ ᠭᠤᠷᠪᠠᠨ ᠭᠠᠷᠠᠭ ᠪᠣᠯᠲᠠᠯ᠎ᠠ ᠠᠮᠲᠠᠲᠤ ᠬᠣᠭᠣᠯᠠ ᠢᠳᠡᠭᠰᠡᠨ ᠦᠭᠡᠢ᠂ ᠮᠢᠬ᠎ᠠ ᠳᠠᠷᠠᠰᠤ ᠠᠮᠠᠨ ᠳᠠᠭᠠᠨ ᠬᠦᠷᠭᠡᠭᠰᠡᠨ ᠦᠭᠡᠢ᠂ ᠲᠣᠰᠣ ᠴᠤ ᠲᠦᠷᠬᠢᠭᠰᠡᠨ ᠦᠭᠡᠢ᠃ 4 ᠡᠬᠢᠨ ᠤ ᠰᠠᠷ᠎ᠠ ᠶᠢᠨ ᠬᠣᠷᠢᠨ ᠳᠥᠷᠪᠡᠳᠡᠬᠢ ᠡᠳᠦᠷ ᠪᠢ ᠲᠢᠭᠷᠢᠰ ᠬᠡᠮᠡᠬᠦ ᠶᠡᠬᠡ ᠮᠥᠷᠡᠨ ᠦ ᠡᠷᠭᠢ ᠳᠡᠭᠡᠷ᠎ᠡ ᠵᠣᠭᠰᠣᠵᠤ ᠪᠠᠢᠯ᠎ᠠ᠃ 5 ᠪᠢ ᠨᠢᠳᠦ ᠪᠡᠨ ᠡᠷᠭᠦᠬᠦ ᠳᠦ᠂ ᠮᠠᠭᠠᠯᠢᠩ᠋ᠭᠤᠨ ᠬᠤᠪᠴᠠᠰᠤ ᠡᠮᠦᠰᠴᠦ᠂ ᠪᠡᠯᠬᠡᠭᠦᠰᠦᠨ ᠳᠡᠭᠡᠨ ᠦᠹᠠᠽ ᠤᠨ ᠰᠢᠵᠢᠷ ᠠᠯᠲᠠᠨ ᠪᠦᠰᠡ ᠪᠦᠰᠡᠯᠡᠭᠰᠡᠨ ᠨᠢᠭᠡᠨ ᠬᠥᠮᠦᠨ ᠦᠵᠡᠭᠳᠡᠪᠡ᠃ 6 ᠲᠡᠭᠦᠨ ᠦ ᠪᠡᠶ᠎ᠡ ᠪᠢᠳᠦᠷᠶ᠎ᠡ ᠴᠢᠯᠠᠭᠤ ᠮᠡᠲᠦ᠂ ᠴᠢᠷᠠᠢ ᠨᠢ ᠭᠢᠯᠪᠢᠭᠡᠨ ᠮᠡᠲᠦ᠂ ᠨᠢᠳᠦ ᠨᠢ ᠳᠦᠷᠡᠯᠵᠡᠭᠰᠡᠨ ᠪᠠᠮᠪᠠᠷ ᠮᠡᠲᠦ᠂ ᠭᠠᠷ ᠬᠥᠯ ᠨᠢ ᠥᠩᠭᠡᠯᠡᠭᠰᠡᠨ ᠬᠦᠷᠡᠯ ᠦᠨ ᠭᠢᠯᠪᠠᠭ᠎ᠠ ᠮᠡᠲᠦ᠂ ᠳᠠᠭᠤ ᠨᠢ ᠲᠦᠮᠡᠨ ᠬᠥᠮᠦᠨ ᠦ ᠳᠠᠭᠤ ᠮᠡᠲᠦ ᠪᠠᠢᠯ᠎ᠠ᠃ 7 ᠳ᠋ᠠᠨᠢᠶᠧᠯ ᠪᠢ ᠭᠠᠭᠴᠠᠭᠠᠷ ᠢᠶᠠᠨ ᠡᠨᠡ ᠦᠵᠡᠭᠳᠡᠯ ᠢ ᠬᠠᠷᠠᠪᠠ᠃ ᠨᠠᠳᠠ ᠲᠠᠢ ᠬᠠᠮᠲᠤ ᠪᠠᠢᠭᠰᠠᠨ ᠬᠥᠮᠦᠰ ᠡᠨᠡ ᠦᠵᠡᠭᠳᠡᠯ ᠢ ᠬᠠᠷᠠᠭ᠎ᠠ ᠦᠭᠡᠢ᠂ ᠦᠯᠡᠮᠵᠢ ᠶᠡᠬᠡ ᠠᠢᠳᠠᠰ ᠲᠤ ᠠᠪᠲᠠᠭᠠᠳ ᠵᠢᠭᠤᠲᠠᠨ ᠨᠢᠭᠤᠭᠳᠠᠵᠠᠭᠠᠭᠰᠠᠨ ᠲᠤᠯᠠ 8 ᠪᠢ ᠭᠠᠭᠴᠠᠭᠠᠷ ᠢᠶᠠᠨ ᠦᠯᠡᠳᠡᠵᠦ᠂ ᠡᠨᠡ ᠠᠤᠭ᠎ᠠ ᠦᠵᠡᠭᠳᠡᠯ ᠢ ᠬᠠᠷᠠᠭᠰᠠᠨ᠃ ᠬᠠᠷᠢᠨ ᠪᠢ ᠲᠡᠩᠬᠡᠭᠡ ᠦᠭᠡᠢ ᠪᠣᠯᠵᠤ᠂ ᠴᠢᠷᠠᠢ ᠮᠢᠨᠢ ᠥᠩᠭᠡ ᠠᠯᠳᠠᠨ ᠵᠢᠪᠡᠬᠡᠶᠢᠷᠡᠵᠦ᠂ ᠨᠠᠳᠠ ᠳᠤ ᠬᠦᠴᠦ ᠴᠢᠳᠠᠯ ᠦᠯᠡᠳᠡᠭᠰᠡᠨ ᠦᠭᠡᠢ᠃ 9 ᠲᠡᠭᠡᠭᠡᠳ ᠪᠢ ᠲᠡᠭᠦᠨ ᠦ ᠶᠠᠷᠢᠬᠤ ᠳᠠᠭᠤ ᠶᠢ ᠰᠣᠨᠣᠰᠣᠯ᠎ᠠ᠃ ᠪᠢ ᠲᠡᠭᠦᠨ ᠦ ᠬᠢ ᠶᠢ ᠰᠣᠨᠣᠰᠣᠩ᠋ᠭᠤᠲᠠ ᠨᠢᠭᠤᠷ ᠢᠶᠠᠨ ᠭᠠᠵᠠᠷ ᠲᠤ ᠨᠠᠭᠠᠨ ᠭᠦᠨ ᠨᠣᠢᠷ ᠲᠤ ᠠᠪᠲᠠᠪᠠ᠃
10 ᠲᠡᠭᠡᠲᠡᠯ᠎ᠡ ᠨᠢᠭᠡᠨ ᠭᠠᠷ ᠨᠠᠳᠠ ᠳᠤ ᠬᠦᠷᠦᠨ᠂ ᠡᠪᠦᠳᠦᠭ ᠬᠢᠭᠡᠳ ᠭᠠᠷ ᠤᠨ ᠠᠯᠠᠭ᠎ᠠ ᠶᠢ ᠮᠢᠨᠢ ᠴᠡᠴᠡᠷᠡᠭᠦᠯᠪᠡ᠃ 11 ᠲᠡᠷᠡ ᠪᠡᠷ ᠨᠠᠳᠠ ᠳᠤ᠄ 《ᠲᠠᠭᠠᠯᠠᠯ ᠢ ᠣᠯᠣᠭᠰᠠᠨ ᠬᠥᠮᠦᠨ ᠳ᠋ᠠᠨᠢᠶᠧᠯ ᠡ᠂ ᠪᠢ ᠴᠢᠮ᠎ᠠ ᠤᠷᠤᠭᠤ ᠢᠯᠡᠭᠡᠭᠳᠡᠭᠰᠡᠨ᠂ ᠴᠢ ᠪᠠᠢᠭ᠎ᠠ ᠭᠠᠵᠠᠷ ᠠᠴᠠ ᠪᠠᠨ ᠪᠣᠰᠣᠭᠠᠳ ᠦᠭᠡ ᠶᠢ ᠮᠢᠨᠢ ᠪᠣᠳᠣᠭᠠᠷᠠᠢ》 ᠭᠡᠪᠡ᠃ ᠲᠡᠷᠡ ᠨᠠᠳᠠ ᠳᠤ ᠡᠨᠡ ᠦᠭᠡ ᠶᠢ ᠬᠡᠯᠡᠬᠦ ᠳᠦ᠂ ᠪᠢ ᠴᠡᠴᠡᠷᠡᠭᠰᠡᠭᠡᠷ ᠪᠣᠰᠪᠠ᠃ 12 ᠲᠡᠷᠡ ᠪᠡᠷ᠄ 《ᠪᠦᠦ ᠠᠶᠤ᠂ ᠳ᠋ᠠᠨᠢᠶᠧᠯ ᠡ᠃ ᠤᠬᠠᠭᠠᠷᠠᠯ ᠠᠪᠬᠤ ᠭᠡᠵᠦ ᠪᠤᠷᠬᠠᠨ ᠤ ᠪᠠᠨ ᠡᠮᠦᠨ᠎ᠡ ᠥᠪᠡᠷ ᠢ ᠪᠠᠨ ᠳᠠᠷᠤᠤ ᠪᠣᠯᠭᠠᠬᠤ ᠪᠠᠷ ᠰᠢᠢᠳᠦᠭᠰᠡᠨ ᠠᠩ᠋ᠬᠠᠨ ᠤ ᠡᠳᠦᠷ ᠡᠴᠡ ᠴᠢᠨᠢ ᠡᠬᠢᠯᠡᠨ ᠪᠤᠷᠬᠠᠨ ᠴᠢᠨᠦ ᠦᠭᠡᠰ ᠢ ᠰᠣᠨᠣᠰᠴᠤ ᠪᠠᠢᠯ᠎ᠠ᠃ ᠪᠢ ᠴᠢᠨᠦ ᠦᠭᠡᠰ ᠦᠨ ᠤᠴᠢᠷ ᠢᠶᠠᠷ ᠢᠷᠡᠯ᠎ᠡ᠃ 13 ᠬᠠᠷᠢᠨ ᠫᠧᠷᠰ ᠤᠨ ᠬᠠᠭᠠᠨᠲᠤ ᠤᠯᠤᠰ ᠤᠨ ᠵᠠᠩᠵᠤᠨ ᠬᠣᠷᠢᠨ ᠨᠢᠭᠡᠨ ᠡᠳᠦᠷ ᠮᠢᠨᠦ ᠡᠮᠦᠨ᠎ᠡ ᠵᠣᠭᠰᠣᠭᠰᠠᠨ᠃ ᠡᠢᠮᠦ ᠡᠴᠡ ᠪᠢ ᠲᠡᠨᠳᠡ ᠫᠧᠷᠰ ᠤᠨ ᠬᠠᠭᠠᠳ ᠤᠨ ᠬᠠᠵᠠᠭᠤ ᠳᠤ ᠪᠠᠢᠲᠠᠯ᠎ᠠ ᠲᠡᠷᠢᠭᠦᠨ ᠵᠠᠩᠵᠤᠨ ᠨᠠᠷ ᠤᠨ ᠨᠢᠭᠡ ᠮᠢᠺᠠᠶᠧᠯ ᠢᠷᠡᠭᠡᠳ ᠨᠠᠳᠠ ᠳᠤ ᠲᠤᠰᠠᠯᠠᠭᠰᠠᠨ ᠲᠤᠯᠠ 14 ᠬᠣᠵᠢᠮ ᠤᠨ ᠡᠳᠦᠷ ᠤᠳ ᠲᠤ ᠲᠠᠨ ᠤ ᠠᠷᠠᠳ ᠲᠦᠮᠡᠨ ᠳᠦ ᠶᠠᠭᠤ ᠲᠣᠬᠢᠶᠠᠯᠳᠤᠬᠤ ᠶᠢ ᠪᠢ ᠴᠢᠮ᠎ᠠ ᠳᠤ ᠣᠢᠯᠠᠭᠠᠭᠤᠯᠬᠤ ᠪᠠᠷ ᠢᠷᠡᠯ᠎ᠡ᠂ ᠡᠨᠡ ᠦᠵᠡᠭᠳᠡᠯ ᠢᠷᠡᠭᠡᠳᠦᠢ ᠶᠢᠨ ᠲᠤᠬᠠᠢ ᠶᠤᠮ》 ᠭᠡᠪᠡ᠃
15 ᠲᠡᠷᠡ ᠡᠳᠡᠭᠡᠷ ᠦᠭᠡ ᠶᠢ ᠶᠠᠷᠢᠵᠤ ᠪᠠᠢᠬᠤ ᠳᠤ᠂ ᠪᠢ ᠨᠢᠭᠤᠷ ᠢᠶᠠᠨ ᠭᠠᠵᠠᠷ ᠲᠤ ᠨᠠᠭᠠᠨ ᠳᠠᠭᠤ ᠦᠭᠡᠢ ᠪᠠᠢᠯ᠎ᠠ᠃ 16 ᠬᠥᠮᠦᠨ ᠦ ᠬᠦᠦ ᠰᠢᠭ ᠬᠠᠷᠠᠭᠳᠠᠳᠠᠭ ᠨᠢᠭᠡᠨ ᠣᠷᠣᠭᠤᠯ ᠳᠤ ᠮᠢᠨᠢ ᠮᠤᠲᠤᠷ ᠢᠶᠠᠨ ᠬᠦᠷᠭᠡᠭᠰᠡᠨ ᠳᠦ᠂ ᠪᠢ ᠠᠮᠠ ᠪᠠᠨ ᠨᠡᠭᠡᠭᠡᠨ ᠶᠠᠷᠢᠪᠠ᠃ ᠲᠡᠷᠡ ᠪᠡᠷ ᠮᠢᠨᠦ ᠡᠮᠦᠨ᠎ᠡ ᠵᠣᠭᠰᠣᠭᠰᠠᠭᠠᠷ ᠪᠠᠢᠯ᠎ᠠ᠂ ᠪᠢ ᠲᠡᠭᠦᠨ ᠳᠦ᠄ 《ᠡᠵᠡᠨ ᠮᠢᠨᠢ ᠡ᠂ ᠦᠵᠡᠭᠳᠡᠯ ᠡᠴᠡ ᠪᠣᠯᠵᠤ ᠪᠢ ᠴᠣᠴᠢᠷᠳᠠᠯ ᠳᠤ ᠣᠷᠣᠵᠤ᠂ ᠲᠡᠩᠬᠡᠭᠡ ᠦᠭᠡᠢ ᠪᠣᠯᠣᠯ᠎ᠠ᠃ 17 ᠮᠢᠨᠦ ᠲᠡᠩᠬᠡᠭᠡ ᠳᠠᠭᠤᠰᠴᠤ᠂ ᠠᠮᠢᠰᠬᠤᠯ ᠴᠤ ᠦᠯᠡᠳᠡᠭᠰᠡᠨ ᠦᠭᠡᠢ ᠲᠤᠯᠠ ᠲᠠᠨ ᠤ ᠵᠠᠷᠤᠴᠠ ᠪᠢ ᠶᠠᠭᠠᠬᠢᠨ ᠲᠠᠨ ᠲᠠᠢ ᠶᠠᠷᠢᠵᠤ ᠴᠢᠳᠠᠬᠤ ᠪᠢᠯᠡ︖ ᠡᠵᠡᠨ ᠮᠢᠨᠢ》 ᠭᠡᠪᠡ᠃
18 ᠬᠥᠮᠦᠨ ᠮᠡᠲᠦ ᠬᠠᠷᠠᠭᠳᠠᠳᠠᠭ ᠲᠡᠷᠡ ᠨᠢᠭᠡᠨ ᠨᠠᠳᠠ ᠳᠤ ᠳᠠᠬᠢᠨ ᠮᠤᠲᠤᠷ ᠢᠶᠠᠨ ᠬᠦᠷᠭᠡᠵᠦ ᠬᠦᠴᠦ ᠣᠷᠣᠭᠤᠯᠤᠨ᠄ 19 《ᠲᠠᠭᠠᠯᠠᠯ ᠢ ᠣᠯᠣᠭᠰᠠᠨ ᠬᠥᠮᠦᠨ ᠡ᠂ ᠪᠦᠦ ᠠᠶᠤ᠃ ᠠᠮᠤᠷ ᠠᠮᠤᠭᠤᠯᠠᠩ ᠴᠢᠮ᠎ᠠ ᠳᠤ ᠪᠠᠢᠭ᠃ ᠬᠦᠴᠦᠲᠡᠢ ᠪᠠᠢ᠂ ᠬᠦᠴᠦᠲᠡᠢ ᠪᠠᠢ︕》 ᠭᠡᠪᠡ᠃ ᠲᠡᠷᠡ ᠨᠠᠳᠠ ᠳᠤ ᠢᠩᠭᠢᠵᠦ ᠬᠡᠯᠡᠩᠭᠦᠲᠡ ᠪᠢ ᠬᠦᠴᠦ ᠣᠷᠣᠵᠤ᠄ 《ᠡᠵᠡᠨ ᠮᠢᠨᠢ ᠲᠠ ᠨᠠᠳᠠᠳᠤ ᠬᠦᠴᠦ ᠣᠷᠣᠭᠤᠯᠤᠭᠰᠠᠨ᠂ ᠣᠳᠣ ᠲᠠ ᠶᠠᠷᠢᠵᠤ ᠬᠠᠢᠷᠠᠯᠠ》 ᠭᠡᠰᠡᠨ ᠳᠦ᠂ 20 ᠲᠡᠷᠡ᠄ 《ᠪᠢ ᠴᠢᠮ᠎ᠠ ᠤᠷᠤᠭᠤ ᠶᠠᠭᠤᠨ ᠤ ᠲᠤᠯᠠᠳᠠ ᠢᠷᠡᠭᠰᠡᠨ ᠢ ᠴᠢ ᠣᠢᠯᠠᠭᠠᠪᠠ ᠤᠤ︖ ᠪᠢ ᠣᠳᠣ ᠫᠧᠷᠰ ᠤᠨ ᠵᠠᠩᠵᠤᠨ ᠲᠠᠢ ᠪᠠᠢᠯᠳᠤᠬᠤ ᠪᠠᠷ ᠪᠤᠴᠠᠬᠤ ᠪᠥᠭᠡᠳ ᠪᠢ ᠭᠠᠷᠴᠤ ᠶᠠᠪᠤᠪᠠᠯ ᠭᠷᠧᠭ ᠤᠨ ᠵᠠᠩᠵᠤᠨ ᠢᠷᠡᠨ᠎ᠡ︕ 21 ᠲᠡᠳᠡᠨ ᠢ ᠡᠰᠡᠷᠭᠦᠴᠡᠬᠦ ᠪᠡᠷ ᠨᠠᠳᠠ ᠲᠠᠢ ᠬᠦᠴᠦ ᠬᠠᠮᠲᠤᠷᠠᠬᠤ ᠨᠢ ᠲᠠᠨ ᠤ ᠵᠠᠩᠵᠤᠨ ᠮᠢᠺᠠᠶᠧᠯ ᠡᠴᠡ ᠥᠭᠡᠷ᠎ᠡ ᠨᠢᠭᠡ ᠴᠤ ᠦᠭᠡᠢ᠃ ᠭᠡᠪᠡᠴᠦ ᠪᠢ ᠦᠨᠡᠨ ᠦ ᠨᠣᠮ ᠳᠤ ᠶᠠᠭᠤ ᠭᠡᠵᠦ ᠪᠢᠴᠢᠭᠳᠡᠭᠰᠡᠨ ᠢ ᠴᠢᠮ᠎ᠠ ᠳᠤ ᠮᠡᠳᠡᠭᠦᠯᠦᠶ᠎ᠡ᠃