ᠨᠢᠭᠡᠳᠦᠭᠡᠷ ᠺᠣᠷᠢᠨᠲ ᠨᠢᠭᠡ
1 ᠪᠤᠷᠬᠠᠨ ᠤ ᠰᠠᠨᠠᠭ᠎ᠠ ᠪᠠᠷ ᠾᠷᠢᠰᠲ᠋ᠣᠰ ᠢᠰᠦ᠋ᠰ ᠤᠨ ᠰᠢᠳᠠᠷ ᠱᠠᠪᠢ ᠪᠠᠷ ᠳᠠᠭᠤᠳᠠᠭᠳᠠᠭᠰᠠᠨ ᠫᠠᠦ᠋ᠯ ᠪᠠ ᠪᠢᠳᠡᠨ ᠦ ᠳᠡᠭᠦᠦ ᠰᠣᠰᠲ᠋ᠧᠨᠧ ᠡᠴᠡ 2 ᠺᠣᠷᠢᠨᠲ ᠳᠠᠬᠢ ᠪᠤᠷᠬᠠᠨ ᠤ ᠴᠢᠭᠤᠯᠭᠠᠨ᠂ ᠲᠤᠬᠠᠢᠯᠠᠪᠠᠯ ᠪᠦᠬᠦ ᠭᠠᠵᠠᠷ ᠢᠶᠠᠷ ᠪᠢᠳᠡᠨ ᠦ ᠡᠵᠡᠨ ᠢᠰᠦ᠋ᠰ ᠾᠷᠢᠰᠲ᠋ᠣᠰ ᠤᠨ ᠨᠡᠷ᠎ᠡ ᠶᠢ ᠳᠠᠭᠤᠳᠠᠭᠴᠢ ᠪᠦᠬᠦ ᠬᠥᠮᠦᠨ ᠲᠡᠢ ᠬᠠᠮᠲᠤ ᠾᠷᠢᠰᠲ᠋ᠣᠰ ᠢᠰᠦ᠋ᠰ ᠤᠨ ᠳᠣᠲᠣᠷ᠎ᠠ ᠠᠷᠢᠭᠤᠳᠬᠠᠭᠳᠠᠵᠤ᠂ ᠠᠷᠢᠭᠤᠨ ᠬᠥᠮᠦᠰ ᠢᠶᠡᠷ ᠳᠠᠭᠤᠳᠠᠭᠳᠠᠭᠰᠠᠨ ᠲᠠ ᠨᠠᠷ ᠲᠤ ᠪᠢᠴᠢᠪᠡ᠃ ᠾᠷᠢᠰᠲ᠋ᠣᠰ ᠪᠣᠯ ᠲᠡᠳᠡᠨ ᠦ ᠬᠢ᠂ ᠮᠥᠨ ᠴᠤ ᠪᠢᠳᠡᠨ ᠦ ᠬᠢ ᠶᠤᠮ᠃
3 ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
ᠪᠠᠶᠠᠯᠢᠭ ᠰᠣᠶᠣᠷᠬᠠᠯ ᠳᠤ ᠲᠠᠯᠠᠷᠬᠠᠬᠤ ᠨᠢ
4 ᠾᠷᠢᠰᠲ᠋ᠣᠰ ᠢᠰᠦ᠋ᠰ ᠢᠶᠠᠷ ᠳᠠᠮᠵᠢᠭᠤᠯᠤᠨ ᠲᠠ ᠨᠠᠷ ᠲᠤ ᠰᠣᠶᠣᠷᠬᠠᠭᠰᠠᠨ ᠪᠤᠷᠬᠠᠨ ᠤ ᠢᠪᠡᠭᠡᠯ ᠢ ᠰᠠᠨᠠᠨ ᠲᠠ ᠨᠠᠷ ᠤᠨ ᠡᠮᠦᠨ᠎ᠡ ᠡᠴᠡ ᠪᠢ ᠦᠷᠭᠦᠯᠵᠢ ᠪᠤᠷᠬᠠᠨ ᠳᠠᠭᠠᠨ ᠲᠠᠯᠠᠷᠬᠠᠳᠠᠭ᠃ 5 ᠤᠴᠢᠷ ᠨᠢ᠂ ᠲᠠ ᠨᠠᠷ ᠾᠷᠢᠰᠲ᠋ᠣᠰ ᠤᠨ ᠳᠣᠲᠣᠷ᠎ᠠ ᠪᠦᠬᠦ ᠦᠭᠡ ᠶᠠᠷᠢᠶ᠎ᠠ᠂ ᠪᠦᠬᠦ ᠮᠡᠳᠡᠯᠭᠡ᠂ ᠪᠦᠬᠦ ᠲᠠᠯ᠎ᠠ ᠪᠠᠷ ᠪᠠᠶᠠᠯᠢᠭ ᠪᠣᠯᠣᠭᠠᠳ 6 ᠾᠷᠢᠰᠲ᠋ᠣᠰ ᠤᠨ ᠲᠤᠬᠠᠢ ᠭᠡᠷᠡᠴᠢᠯᠡᠭᠰᠡᠨ ᠦᠭᠡᠰ ᠮᠢᠨᠢ ᠲᠠ ᠨᠠᠷ ᠤᠨ ᠳᠤᠮᠳᠠ ᠪᠠᠲᠤᠵᠢᠵᠤ᠂ 7 ᠶᠠᠮᠠᠷ ᠴᠤ ᠰᠣᠶᠣᠷᠬᠠᠯ ᠢᠶᠠᠷ ᠳᠤᠲᠠᠭᠤ ᠦᠭᠡᠢ ᠪᠠᠷ ᠪᠢᠳᠡᠨ ᠦ ᠡᠵᠡᠨ ᠢᠰᠦ᠋ᠰ ᠾᠷᠢᠰᠲ᠋ᠣᠰ ᠤᠨ ᠢᠯᠡᠷᠡᠬᠦ ᠶᠢ ᠬᠦᠯᠢᠶᠡᠭᠰᠡᠭᠡᠷ ᠪᠠᠢᠨ᠎ᠠ᠃ 8 ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠳᠦᠷ 1 ᠲᠤ ᠲᠠ ᠨᠠᠷ ᠢ ᠪᠤᠷᠤᠭᠤ ᠦᠭᠡᠢ ᠪᠣᠯᠭᠠᠬᠤ ᠶᠢᠨ ᠲᠤᠯᠠᠳᠠ ᠲᠡᠷᠡ ᠪᠡᠷ ᠡᠴᠦᠰ ᠲᠤᠨᠢ ᠲᠤᠯᠲᠠᠯ᠎ᠠ ᠲᠠ ᠨᠠᠷ ᠢ ᠪᠠᠲᠤᠳᠬᠠᠨ᠎ᠠ᠃ 9 ᠲᠠ ᠨᠠᠷ ᠢ ᠳᠠᠭᠤᠳᠠᠵᠤ ᠥᠪᠡᠷ ᠦᠨ ᠢᠶᠠᠨ ᠬᠦᠦ᠂ ᠲᠤᠬᠠᠢᠯᠠᠪᠠᠯ ᠪᠢᠳᠡᠨ ᠦ ᠡᠵᠡᠨ ᠢᠰᠦ᠋ᠰ ᠾᠷᠢᠰᠲ᠋ᠣᠰ ᠲᠠᠢ ᠨᠥᠬᠥᠷᠯᠡᠭᠦᠯᠦᠭᠰᠡᠨ ᠪᠤᠷᠬᠠᠨ ᠪᠣᠯ ᠢᠲᠡᠭᠡᠮᠵᠢᠲᠡᠢ ᠪᠢᠯᠡ᠃
ᠡᠪ ᠨᠢᠭᠡᠳᠦᠯ ᠢ ᠤᠷᠢᠶᠠᠯᠠᠬᠤ ᠨᠢ
10 ᠠᠬ᠎ᠠ ᠳᠡᠭᠦᠦ ᠨᠠᠷ ᠡ᠂ ᠪᠢᠳᠡᠨ ᠦ ᠡᠵᠡᠨ ᠢᠰᠦ᠋ᠰ ᠾᠷᠢᠰᠲ᠋ᠣᠰ ᠤᠨ ᠨᠡᠷ᠎ᠡ ᠪᠡᠷ ᠲᠠ ᠨᠠᠷ ᠢ ᠢᠳᠬᠠᠶ᠎ᠠ᠂ ᠪᠦᠭᠦᠳᠡᠭᠡᠷ ᠢᠶᠡᠨ ᠦᠭᠡ ᠨᠢᠭᠡᠲᠡᠢ ᠪᠠᠷ ᠶᠠᠷᠢᠯᠴᠠᠵᠤ ᠬᠣᠭᠣᠷᠣᠨᠳᠣ ᠪᠠᠨ ᠬᠠᠭᠠᠷᠠᠯ ᠦᠭᠡᠢ᠂ ᠠᠳᠠᠯᠢ ᠰᠠᠨᠠᠭ᠎ᠠ᠂ ᠠᠳᠠᠯᠢ ᠵᠣᠷᠢᠯᠭ᠎ᠠ ᠪᠠᠷ ᠪᠠᠲᠤ ᠨᠢᠭᠡᠳᠦᠭᠲᠦᠨ᠃ 11 ᠠᠬ᠎ᠠ ᠳᠡᠭᠦᠦ ᠨᠠᠷ ᠮᠢᠨᠢ ᠡ᠂ ᠲᠠ ᠨᠠᠷ ᠤᠨ ᠳᠤᠮᠳᠠ ᠬᠡᠷᠡᠭᠦᠯ ᠪᠠᠢᠬᠤ ᠶᠢ ᠪᠢ ᠺᠯᠣᠶᠠ ᠶᠢᠨ ᠭᠡᠷ ᠦᠨ ᠬᠢᠨ ᠡᠴᠡ ᠰᠣᠨᠣᠰᠣᠭᠰᠠᠨ᠃ 12 ᠲᠠ ᠨᠠᠷ ᠲᠤᠰ ᠲᠤᠰ ᠲᠠᠭᠠᠨ 《ᠪᠢ ᠫᠠᠦ᠋ᠯ ᠤᠨ ᠬᠢ》᠂ 《ᠪᠢ ᠠᠫᠣᠯᠣ᠋ ᠶᠢᠨ ᠬᠢ》᠂ 《ᠪᠢ ᠺᠧᠹᠠ 2 ᠶᠢᠨ ᠬᠢ》᠂ 《ᠪᠢ ᠾᠷᠢᠰᠲ᠋ᠣᠰ ᠤᠨ ᠬᠢ》 ᠭᠡᠯᠴᠡᠳᠡᠭ ᠭᠡᠨ᠎ᠡ᠃ 13 ᠾᠷᠢᠰᠲ᠋ᠣᠰ ᠬᠤᠪᠢᠶᠠᠭᠳᠠᠭᠰᠠᠨ ᠭᠡᠵᠢ ᠤᠤ︖ ᠫᠠᠦ᠋ᠯ ᠲᠠ ᠨᠠᠷ ᠤᠨ ᠲᠥᠯᠥᠭᠡ ᠵᠠᠭᠠᠯᠮᠠᠢ ᠳᠤ ᠴᠣᠪᠳᠣᠯᠠᠭᠳᠠᠭᠰᠠᠨ ᠭᠡᠵᠢ ᠤᠤ︖ ᠲᠠ ᠨᠠᠷ ᠫᠠᠦ᠋ᠯ ᠤᠨ ᠨᠡᠷ᠎ᠡ ᠪᠡᠷ ᠤᠬᠢᠶᠠᠯ ᠬᠦᠷᠲᠡᠭᠰᠡᠨ ᠭᠡᠵᠢ ᠤᠤ︖ 14 ᠺᠷᠢᠰᠫ ᠪᠠ ᠭᠠᠢᠶᠣ᠋ ᠡᠴᠡ ᠥᠭᠡᠷ᠎ᠡ ᠲᠠ ᠨᠠᠷ ᠤᠨ ᠬᠡᠨ ᠳᠦᠨᠢ ᠴᠤ ᠤᠬᠢᠶᠠᠯ ᠬᠦᠷᠲᠡᠭᠡᠭᠰᠡᠨ ᠦᠭᠡᠢ ᠳᠡᠭᠡᠨ ᠪᠢ ᠪᠤᠷᠬᠠᠨ ᠳᠤ ᠲᠠᠯᠠᠷᠬᠠᠵᠤ ᠪᠠᠢᠨ᠎ᠠ᠃ 15 ᠡᠢᠮᠦ ᠲᠠ ᠨᠠᠷ ᠤᠨ ᠬᠡᠨ ᠨᠢ ᠴᠤ ᠮᠢᠨᠦ ᠨᠡᠷ᠎ᠡ ᠪᠡᠷ ᠤᠬᠢᠶᠠᠯ ᠬᠦᠷᠲᠡᠭᠰᠡᠨ ᠭᠡᠵᠦ ᠬᠡᠯᠡᠵᠦ ᠴᠢᠳᠠᠬᠤ ᠦᠭᠡᠢ ᠶᠤᠮ᠃ 16 ᠪᠢ ᠰᠲ᠋ᠧᠹᠠᠨᠠ ᠶᠢᠨ ᠬᠢᠨ ᠳᠤ ᠤᠬᠢᠶᠠᠯ ᠬᠦᠷᠲᠡᠭᠡᠭᠰᠡᠨ᠂ ᠬᠠᠷᠢᠨ ᠡᠭᠦᠨ ᠡᠴᠡ ᠭᠠᠳᠠᠨ᠎ᠠ ᠪᠤᠰᠤᠳ ᠲᠤ ᠤᠬᠢᠶᠠᠯ ᠬᠦᠷᠲᠡᠭᠡᠭᠰᠡᠨ ᠡᠰᠡᠬᠦ ᠪᠡᠨ ᠮᠡᠳᠡᠬᠦ ᠦᠭᠡᠢ ᠪᠠᠢᠨ᠎ᠠ᠃ 17 ᠾᠷᠢᠰᠲ᠋ᠣᠰ ᠨᠠᠮᠠᠶᠢ ᠤᠬᠢᠶᠠᠯ ᠬᠦᠷᠲᠡᠭᠡᠬᠦ ᠪᠡᠷ ᠪᠢᠰᠢ᠂ ᠬᠠᠷᠢᠨ ᠪᠠᠶᠠᠷ ᠤᠨ ᠮᠡᠳᠡᠭᠡ ᠲᠤᠩ᠋ᠬᠠᠭᠯᠠᠭᠤᠯᠬᠤ ᠪᠠᠷ ᠢᠯᠡᠭᠡᠭᠰᠡᠨ᠂ ᠪᠢ ᠾᠷᠢᠰᠲ᠋ᠣᠰ ᠤᠨ ᠵᠠᠭᠠᠯᠮᠠᠢ ᠶᠢ ᠳᠡᠮᠡᠢ ᠪᠣᠯᠭᠠᠬᠤ ᠪᠤᠢ ᠭᠡᠰᠡᠨ ᠳᠡᠭᠡᠨ ᠰᠡᠴᠡᠨ ᠮᠡᠷᠭᠡᠨ ᠦᠭᠡ ᠪᠡᠷ ᠲᠤᠩ᠋ᠬᠠᠭᠯᠠᠳᠠᠭ ᠦᠭᠡᠢ᠃
ᠪᠤᠷᠬᠠᠨ ᠤ ᠮᠡᠷᠭᠡᠨ ᠤᠬᠠᠭᠠᠨ
18 ᠵᠠᠭᠠᠯᠮᠠᠢ ᠶᠢᠨ ᠲᠤᠬᠠᠢ ᠰᠤᠷᠭᠠᠯ ᠨᠢ ᠮᠥᠬᠥᠵᠦ ᠪᠤᠢ ᠬᠥᠮᠦᠰ ᠲᠦ ᠮᠤᠩ᠋ᠬᠠᠭᠯᠠᠯ ᠪᠣᠯᠪᠠᠴᠤ ᠠᠪᠤᠷᠠᠭᠳᠠᠵᠤ ᠪᠤᠢ ᠪᠢᠳᠡᠨ ᠳᠦ ᠪᠣᠯ ᠪᠤᠷᠬᠠᠨ ᠤ ᠬᠦᠴᠦ ᠮᠥᠨ᠃ 19 《ᠪᠢ ᠮᠡᠷᠭᠡᠳ ᠦᠨ ᠮᠡᠷᠭᠡᠨ ᠢ ᠮᠥᠬᠥᠭᠡᠵᠦ᠂ ᠤᠬᠠᠭᠠᠨᠲᠠᠳ ᠤᠨ ᠤᠬᠠᠭᠠᠨ ᠢ ᠤᠰᠠᠳᠬᠠᠨ᠎ᠠ》 ᠭᠡᠵᠦ ᠪᠢᠴᠢᠭᠳᠡᠭᠰᠡᠨ ᠪᠠᠢᠳᠠᠭ᠃ 20 ᠮᠡᠷᠭᠡᠨ ᠬᠥᠮᠦᠨ ᠬᠠᠮᠢᠭ᠎ᠠ ᠪᠠᠢᠨ᠎ᠠ︖ ᠡᠷᠳᠡᠮᠲᠡᠨ ᠬᠠᠮᠢᠭ᠎ᠠ ᠪᠠᠢᠨ᠎ᠠ︖ ᠡᠨᠡ ᠦᠶ᠎ᠡ ᠶᠢᠨ ᠮᠡᠳᠬᠡᠯᠴᠡᠭᠴᠢ ᠨᠢ ᠬᠠᠮᠢᠭ᠎ᠠ ᠪᠠᠢᠨ᠎ᠠ︖ ᠪᠤᠷᠬᠠᠨ ᠡᠨᠡ ᠶᠢᠷᠲᠢᠨᠴᠦ ᠶᠢᠨ ᠮᠡᠷᠭᠡᠨ ᠢ ᠮᠤᠩ᠋ᠬᠠᠭ ᠪᠣᠯᠭᠠᠭᠰᠠᠨ ᠪᠢᠰᠢ ᠤᠤ︖ 21 ᠡᠨᠡ ᠶᠢᠷᠲᠢᠨᠴᠦ ᠥᠪᠡᠷ ᠦᠨ ᠮᠡᠷᠭᠡᠨ ᠤᠬᠠᠭᠠᠨ ᠢᠶᠠᠷ ᠪᠤᠷᠬᠠᠨ ᠢ ᠲᠠᠨᠢᠭᠰᠠᠨ ᠦᠭᠡᠢ ᠤᠴᠢᠷ ᠠᠴᠠ ᠪᠤᠷᠬᠠᠨ ᠪᠢᠳᠡᠨ ᠦ ᠮᠤᠩ᠋ᠬᠠᠭ ᠳᠡᠯᠭᠡᠷᠡᠭᠦᠯᠦᠯᠭᠡ ᠪᠡᠷ ᠢᠲᠡᠭᠡᠭᠴᠢᠳ ᠢ ᠠᠪᠤᠷᠠᠬᠤ ᠪᠠᠷ ᠰᠢᠢᠳᠴᠡᠢ᠃ ᠡᠨᠡ ᠪᠣᠯ ᠪᠤᠷᠬᠠᠨ ᠤ ᠮᠡᠷᠭᠡᠨ ᠤᠬᠠᠭᠠᠨ ᠮᠥᠨ᠃ 22 ᠶᠦᠳᠠᠢᠴᠤᠳ ᠰᠢᠳᠢ ᠲᠡᠮᠳᠡᠭ ᠢ ᠱᠠᠭᠠᠷᠳᠠᠳᠠᠭ ᠪᠣᠯ᠂ ᠭᠷᠧᠭᠴᠦᠳ ᠮᠡᠷᠭᠡᠨ ᠤᠬᠠᠭᠠᠨ ᠢ ᠡᠷᠢᠳᠡᠭ᠂ 23 ᠬᠠᠷᠢᠨ ᠪᠢᠳᠡ ᠵᠠᠭᠠᠯᠮᠠᠢ ᠳᠤ ᠴᠣᠪᠳᠣᠯᠠᠭᠳᠠᠭᠰᠠᠨ ᠾᠷᠢᠰᠲ᠋ᠣᠰ ᠢ ᠳᠡᠯᠭᠡᠷᠡᠭᠦᠯᠳᠡᠭ᠌᠃ ᠡᠨᠡ ᠨᠢ ᠶᠦᠳᠠᠢᠴᠤᠳ ᠲᠤ ᠪᠦᠳᠦᠷᠢᠯ᠂ ᠬᠠᠷᠢ ᠦᠨᠳᠦᠰᠦᠲᠡᠨ ᠨᠦᠭᠦᠳ ᠲᠦ ᠮᠤᠩ᠋ᠬᠠᠭᠯᠠᠯ ᠪᠣᠯᠪᠠᠴᠤ 24 ᠶᠦᠳᠠᠢᠴᠤᠳ ᠴᠤ᠂ ᠭᠷᠧᠭᠴᠦᠳ ᠴᠤ᠂ ᠪᠤᠷᠬᠠᠨ ᠳᠤ ᠳᠠᠭᠤᠳᠠᠭᠳᠠᠭᠰᠠᠨ ᠬᠥᠮᠦᠰ ᠪᠣᠯᠬᠤ ᠶᠢᠨ ᠬᠤᠪᠢ ᠳᠤ ᠾᠷᠢᠰᠲ᠋ᠣᠰ ᠪᠣᠯ ᠪᠤᠷᠬᠠᠨ ᠤ ᠬᠦᠴᠦ ᠪᠥᠭᠡᠳ ᠪᠤᠷᠬᠠᠨ ᠤ ᠮᠡᠷᠭᠡᠨ ᠤᠬᠠᠭᠠᠨ ᠮᠥᠨ᠃ 25 ᠶᠠᠭᠠᠬᠢᠭᠠᠳ ᠭᠡᠪᠡᠯ᠂ ᠪᠤᠷᠬᠠᠨ ᠤ ᠮᠤᠩ᠋ᠬᠠᠭ ᠨᠢ ᠬᠥᠮᠦᠨ ᠡᠴᠡ ᠮᠡᠷᠭᠡᠨ᠂ ᠪᠤᠷᠬᠠᠨ ᠤ ᠪᠠᠭᠤᠷᠠᠢ ᠨᠢ ᠬᠥᠮᠦᠨ ᠡᠴᠡ ᠬᠦᠴᠦᠷᠬᠡᠭ᠃
26 ᠠᠬ᠎ᠠ ᠳᠡᠭᠦᠦ ᠨᠠᠷ ᠡ᠂ ᠲᠠ ᠨᠠᠷ ᠳᠠᠭᠤᠳᠠᠭᠳᠠᠭᠰᠠᠨ ᠦᠶ᠎ᠡ ᠪᠡᠨ ᠰᠠᠨᠠᠭᠲᠤᠨ᠃ ᠮᠢᠬᠠᠨ ᠪᠡᠶᠡᠲᠦ ᠬᠥᠮᠦᠨ ᠦ ᠲᠠᠯ᠎ᠠ ᠠᠴᠠ ᠦᠵᠡᠬᠦ ᠳᠦ ᠮᠡᠷᠭᠡᠨ ᠨᠢ ᠣᠯᠠᠨ ᠦᠭᠡᠢ᠂ ᠡᠷᠬᠡ ᠮᠡᠳᠡᠯᠲᠡᠨ ᠨᠢ ᠴᠤ ᠣᠯᠠᠨ ᠦᠭᠡᠢ᠂ ᠡᠷᠬᠢᠮ ᠢᠵᠠᠭᠤᠷᠲᠠᠨ ᠨᠢ ᠴᠤ ᠣᠯᠠᠨ ᠦᠭᠡᠢ ᠪᠠᠢᠵᠠᠢ᠃ 27 ᠬᠠᠷᠢᠨ ᠪᠤᠷᠬᠠᠨ ᠮᠡᠷᠭᠡᠳ ᠢ ᠢᠴᠢᠭᠡᠬᠦ ᠶᠢᠨ ᠲᠤᠯᠠᠳᠠ ᠶᠢᠷᠲᠢᠨᠴᠦ ᠶᠢᠨ ᠮᠤᠩ᠋ᠬᠠᠭ ᠤᠳ ᠢ ᠰᠢᠯᠢᠵᠦ᠂ ᠬᠦᠴᠦᠲᠡᠳ ᠢ ᠢᠴᠢᠭᠡᠬᠦ ᠶᠢᠨ ᠲᠤᠯᠠᠳᠠ ᠶᠢᠷᠲᠢᠨᠴᠦ ᠶᠢᠨ ᠪᠠᠭᠤᠷᠠᠢᠴᠤᠳ ᠢ ᠰᠣᠩ᠋ᠭᠣᠵᠠᠢ᠃ 28 ᠶᠠᠭᠤ ᠴᠤ ᠮᠥᠨ ᠭᠡᠭᠴᠢᠳ ᠢ ᠬᠠᠶᠠᠬᠤ ᠶᠢᠨ ᠲᠤᠯᠠᠳᠠ ᠶᠢᠷᠲᠢᠨᠴᠦ ᠶᠢᠨ ᠡᠭᠡᠯ ᠳᠣᠣᠷᠠᠳᠤ ᠪᠠ ᠱᠣᠭᠣᠪᠳᠣᠷᠯᠠᠭᠳᠠᠭᠰᠠᠳ᠂ ᠶᠠᠭᠤ ᠴᠤ ᠪᠢᠰᠢ ᠭᠡᠭᠳᠡᠳᠡᠭ ᠢ ᠰᠣᠩ᠋ᠭᠣᠵᠠᠢ᠃ 29 ᠡᠨᠡ ᠨᠢ ᠪᠤᠷᠬᠠᠨ ᠤ ᠡᠮᠦᠨ᠎ᠡ ᠮᠢᠬᠠᠨ ᠪᠡᠶᠡᠲᠦ ᠬᠡᠨ ᠢ ᠴᠤ ᠰᠠᠢᠷᠬᠠᠭᠤᠯᠬᠤ ᠦᠭᠡᠢ ᠶᠢᠨ ᠲᠤᠯᠠᠳᠠ ᠶᠤᠮ᠃ 30 ᠬᠠᠷᠢᠨ ᠲᠠ ᠨᠠᠷ ᠪᠣᠯ ᠪᠤᠷᠬᠠᠨ ᠤ ᠬᠢ ᠪᠥᠭᠡᠳ ᠾᠷᠢᠰᠲ᠋ᠣᠰ ᠢᠰᠦ᠋ᠰ ᠤᠨ ᠳᠣᠲᠣᠷ᠎ᠠ ᠪᠠᠢᠭ᠎ᠠ ᠶᠤᠮ᠃ ᠲᠡᠷᠡ ᠲᠠ ᠨᠠᠷ ᠤᠨ ᠲᠥᠯᠥᠭᠡ ᠪᠤᠷᠬᠠᠨ ᠤ ᠮᠡᠷᠭᠡᠨ ᠤᠬᠠᠭᠠᠨ᠂ ᠵᠥᠪᠲᠦ ᠪᠠᠢᠳᠠᠯ᠂ ᠠᠷᠢᠭᠤᠳᠬᠠᠯ ᠪᠠ ᠵᠣᠯᠢᠯᠲᠠ ᠪᠣᠯᠣᠭᠰᠠᠨ ᠶᠤᠮ᠃ 31 ᠡᠨᠡ ᠨᠢ 《ᠰᠠᠢᠷᠬᠠᠭᠴᠢ ᠨᠢ ᠡᠵᠡᠨ ᠢᠶᠡᠷ ᠰᠠᠢᠷᠬ᠎ᠠ》 ᠭᠡᠵᠦ ᠪᠢᠴᠢᠭᠳᠡᠭᠰᠡᠨ ᠲᠡᠢ ᠠᠳᠠᠯᠢ᠃