1 2 3 4 5 6 7 8 9 10 11 12 13 14 15 16


ᠨᠢᠭᠡᠳᠦᠭᠡᠷ ᠺᠣᠷᠢᠨᠲ ᠳᠥᠷᠪᠡ
 ᠾᠷᠢᠰᠲ᠋ᠣᠰ ᠤᠨ ᠵᠠᠷᠤᠴᠠ

1 ᠲᠡᠢᠮᠦ ᠡᠴᠡ ᠬᠥᠮᠦᠰ ᠪᠢᠳᠡᠨ ᠢ ᠾᠷᠢᠰᠲ᠋ᠣᠰ ᠤᠨ ᠵᠠᠷᠤᠴᠠ ᠪᠠ ᠪᠤᠷᠬᠠᠨ ᠤ ᠨᠢᠭᠤᠴᠠ ᠶᠢᠨ ᠨᠢᠷᠪᠠ ᠭᠡᠵᠦ ᠪᠣᠳᠣᠭ᠃ 2 ᠨᠡᠮᠡᠵᠦ ᠬᠡᠯᠡᠶ᠎ᠡ᠂ ᠨᠢᠷᠪᠠ ᠨᠢ ᠦᠨᠡᠨᠴᠢ ᠪᠠᠢᠬᠤ ᠱᠠᠭᠠᠷᠳᠠᠯᠭ᠎ᠠ ᠲᠠᠢ᠃ 3 ᠲᠠ ᠨᠠᠷ ᠢᠶᠠᠷ ᠰᠢᠭᠦᠮᠵᠢᠯᠡᠭᠦᠯᠬᠦ᠂ ᠡᠰᠡᠪᠡᠯ ᠬᠥᠮᠦᠨ ᠦ ᠰᠢᠭᠦᠬᠦ ᠲᠠᠩᠬᠢᠮ ᠳᠤ ᠰᠢᠭᠦᠭᠳᠡᠬᠦ ᠨᠢ ᠮᠢᠨᠦ ᠬᠤᠪᠢ ᠳᠤ ᠥᠴᠦᠬᠡᠨ ᠵᠦᠢᠯ ᠪᠢᠯᠡ᠂ ᠪᠢ ᠥᠪᠡᠷ ᠢᠶᠡᠨ ᠴᠤ ᠭᠡᠰᠡᠨ ᠥᠪᠡᠷ ᠢ ᠪᠠᠨ ᠰᠢᠭᠦᠮᠵᠢᠯᠡᠳᠡᠭ᠌ ᠦᠭᠡᠢ᠃ 4 ᠪᠢ ᠥᠪᠡᠷ ᠢ ᠪᠠᠨ ᠦᠵᠡᠬᠦ ᠳᠦ ᠪᠤᠷᠤᠭᠤ ᠦᠭᠡᠢ᠂ ᠬᠠᠷᠢᠨ ᠡᠭᠦᠨ ᠢᠶᠡᠷ ᠯᠠ ᠵᠥᠪᠲᠥᠭᠡᠭᠳᠡᠳᠡᠭ᠌ ᠪᠢᠰᠢ᠃ ᠮᠢᠨᠦ ᠰᠢᠭᠦᠭᠴᠢ ᠪᠣᠯ ᠡᠵᠡᠨ ᠮᠥᠨ᠃ 5 ᠡᠢᠮᠦ ᠡᠴᠡ ᠴᠠᠭ ᠪᠣᠯᠬᠤ ᠠᠴᠠ ᠡᠮᠦᠨ᠎ᠡ᠂ ᠡᠵᠡᠨ ᠢᠷᠡᠲᠡᠯ᠎ᠡ ᠲᠠ ᠨᠠᠷ ᠪᠦᠦ ᠰᠢᠭᠦᠮᠵᠢᠯᠡᠭᠲᠦᠨ᠃ ᠡᠵᠡᠨ ᠬᠠᠷᠠᠩ᠋ᠭᠤᠢ ᠳᠤ ᠨᠢᠭᠤᠭᠳᠠᠭᠰᠠᠨ ᠵᠦᠢᠯᠡᠰ ᠢ ᠭᠡᠷᠡᠯ ᠳᠦ ᠭᠠᠷᠭᠠᠵᠤ ᠰᠡᠳᠬᠢᠯ ᠳᠣᠲᠣᠷᠠᠬᠢ ᠶᠢ ᠢᠯᠡᠷᠡᠭᠦᠯᠦᠨ᠎ᠡ᠃ ᠲᠡᠷᠡ ᠦᠶ᠎ᠡ ᠳᠦ ᠬᠥᠮᠦᠨ ᠪᠣᠯᠭᠠᠨ ᠪᠤᠷᠬᠠᠨ ᠠᠴᠠ ᠮᠠᠭᠲᠠᠭᠠᠯ ᠣᠯᠬᠤ ᠪᠣᠯᠣᠨ᠎ᠠ᠃ 6 ᠠᠬ᠎ᠠ ᠳᠡᠭᠦᠦ ᠨᠠᠷ ᠡ᠂ ᠲᠠ ᠨᠠᠷ ᠤᠨ ᠲᠥᠯᠥᠭᠡ ᠡᠳᠡᠭᠡᠷ ᠢᠶᠡᠷ ᠥᠪᠡᠷ ᠦᠨ ᠪᠡᠶ᠎ᠡ ᠪᠣᠯᠣᠨ ᠠᠫᠣᠯᠣ᠋ ᠶᠢ ᠵᠦᠢᠷᠯᠡᠭᠰᠡᠨ ᠪᠢᠯᠡ᠃ ᠢᠩᠭᠢᠭᠰᠡᠨ ᠨᠢ 《ᠪᠢᠴᠢᠭᠳᠡᠭᠰᠡᠨ ᠡᠴᠡ ᠪᠦᠦ ᠬᠡᠲᠦᠷᠡ》 ᠭᠡᠰᠡᠨ ᠢ ᠲᠠ ᠨᠠᠷ ᠪᠢᠳᠡᠨ ᠡᠴᠡ ᠰᠤᠷᠤᠭᠠᠳ᠂ ᠪᠢᠲᠡᠭᠡᠢ ᠨᠢᠭᠡ ᠶᠢ ᠨᠢ ᠬᠦᠨᠳᠦᠳᠬᠡᠨ ᠨᠥᠭᠥᠭᠡ ᠶᠢ ᠨᠢ ᠬᠥᠩᠭᠡᠪᠴᠢᠯᠡᠭᠡᠰᠡᠢ᠂ ᠪᠢᠲᠡᠭᠡᠢ ᠣᠩ᠋ᠭᠢᠷᠠᠭᠠᠰᠠᠢ ᠭᠡᠰᠡᠨ ᠳᠡᠭᠡᠨ ᠶᠤᠮ᠃ 7 ᠬᠡᠨ ᠴᠢᠮᠠᠶᠢ ᠪᠤᠰᠤᠳ ᠠᠴᠠ ᠣᠨᠴᠠᠭᠠᠢ ᠭᠡᠵᠦ ᠦᠵᠡᠵᠦ ᠪᠠᠢᠭ᠎ᠠ ᠪᠤᠢ︖ ᠬᠦᠯᠢᠶᠡᠵᠦ ᠠᠪᠤᠭ᠎ᠠ ᠦᠭᠡᠢ ᠵᠦᠢᠯ ᠴᠢᠮ᠎ᠠ ᠳᠤ ᠪᠠᠢᠨ᠎ᠠ ᠤᠤ︖ ᠬᠦᠯᠢᠶᠡᠵᠦ ᠠᠪᠤᠭᠰᠠᠨ ᠶᠤᠮ ᠪᠣᠯ ᠶᠠᠭᠤᠨ ᠳᠤ ᠬᠦᠯᠢᠶᠡᠵᠦ ᠠᠪᠤᠭ᠎ᠠ ᠦᠭᠡᠢ ᠮᠡᠲᠦ ᠰᠠᠢᠷᠬᠠᠨ᠎ᠠ ᠪᠤᠢ︖

8 ᠲᠠ ᠨᠠᠷ ᠬᠡᠳᠦᠢᠨᠡᠢ ᠬᠠᠨᠤᠴᠢᠬᠠᠵᠠᠢ᠂ ᠬᠡᠳᠦᠢᠨᠡᠢ ᠪᠠᠶᠠᠵᠢᠴᠢᠬᠠᠵᠠᠢ︕ ᠪᠢᠳᠡᠨ ᠢ ᠦᠭᠡᠢ ᠪᠠᠷ ᠬᠠᠭᠠᠨ ᠪᠣᠯᠴᠢᠬᠠᠵᠠᠢ᠃ ᠲᠠ ᠨᠠᠷ ᠢ ᠦᠨᠡᠬᠡᠷ ᠬᠠᠭᠠᠨ ᠪᠣᠯᠣᠭᠠᠰᠠᠢ ᠭᠡᠵᠦ ᠬᠦᠰᠡᠶ᠎ᠡ᠂ ᠲᠡᠭᠡᠪᠡᠯ ᠪᠢᠳᠡ ᠪᠠᠰᠠ ᠲᠠ ᠨᠠᠷ ᠲᠠᠢ ᠬᠠᠮᠲᠤ ᠬᠠᠭᠠᠨᠴᠢᠯᠠᠨ᠎ᠠ ᠳᠠ᠃ 9 ᠪᠤᠷᠬᠠᠨ ᠰᠢᠳᠠᠷ ᠱᠠᠪᠢ ᠪᠢᠳᠡᠨ ᠢ ᠦᠬᠦᠬᠦ ᠶᠠᠯᠠᠲᠠᠨ ᠰᠢᠭ᠋ ᠬᠥᠮᠦᠰ ᠦᠨ ᠰᠡᠭᠦᠯ ᠳᠦ ᠵᠢᠭᠰᠠᠭᠠᠭᠰᠠᠨ ᠭᠡᠵᠦ ᠪᠢ ᠪᠣᠳᠣᠳᠠᠭ᠃ ᠪᠢᠳᠡ ᠶᠢᠷᠲᠢᠨᠴᠦ᠂ ᠲᠩᠷᠢ ᠡᠯᠴᠢᠳ ᠪᠠ ᠬᠥᠮᠦᠰ ᠲᠦ ᠦᠵᠡᠮᠦᠷᠢ ᠪᠣᠯᠣᠭᠰᠠᠨ ᠪᠢᠯᠡ᠃ 10 ᠪᠢᠳᠡ ᠾᠷᠢᠰᠲ᠋ᠣᠰ ᠠᠴᠠ ᠪᠣᠯᠵᠤ ᠮᠤᠩ᠋ᠬᠠᠭ᠂ ᠲᠠ ᠨᠠᠷ ᠾᠷᠢᠰᠲ᠋ᠣᠰ ᠤᠨ ᠳᠣᠲᠣᠷ᠎ᠠ ᠰᠡᠴᠡᠨ ᠪᠠᠢᠵᠠᠢ᠃ ᠪᠢᠳᠡ ᠰᠤᠯᠠ ᠳᠣᠷᠣᠢ᠂ ᠲᠠ ᠨᠠᠷ ᠬᠦᠴᠦᠲᠡᠢ᠃ ᠲᠠ ᠨᠠᠷ ᠠᠯᠳᠠᠷ ᠬᠦᠨᠳᠦ ᠲᠠᠢ᠂ ᠬᠠᠷᠢᠨ ᠪᠢᠳᠡ ᠠᠯᠳᠠᠷ ᠬᠦᠨᠳᠦ ᠦᠭᠡᠢ᠃ 11 ᠶᠠᠭ ᠡᠨᠡ ᠴᠠᠭ ᠬᠦᠷᠲᠡᠯ᠎ᠡ ᠪᠢᠳᠡ ᠥᠯᠥᠰᠴᠦ ᠤᠮᠳᠠᠭᠠᠰᠤᠨ᠂ ᠨᠣᠣᠷᠬᠠᠢ ᠬᠤᠪᠴᠠᠰᠤᠯᠠᠵᠤ᠂ ᠵᠣᠳᠣᠭᠳᠠᠨ᠂ ᠣᠷᠣᠬᠤ ᠭᠡᠷ ᠦᠭᠡᠢ ᠶᠠᠪᠤᠵᠤ᠂ 12 ᠥᠪᠡᠷ ᠦᠨ ᠭᠠᠷ ᠢᠶᠠᠷ ᠢᠶᠠᠨ ᠠᠵᠢᠯᠯᠠᠨ ᠵᠦᠳᠡᠷᠡᠵᠦ ᠪᠠᠢᠨ᠎ᠠ᠃ ᠪᠢᠳᠡ ᠬᠠᠷᠢᠶᠠᠭᠳᠠᠪᠠᠴᠤ ᠢᠷᠥᠭᠡᠵᠦ᠂ ᠬᠠᠪᠴᠢᠭᠳᠠᠪᠠᠴᠤ ᠲᠡᠰᠪᠦᠷᠢᠯᠡᠵᠦ᠂ 13 ᠭᠦᠳᠬᠡᠭᠳᠡᠪᠡᠴᠦ ᠰᠠᠢᠨ ᠢᠶᠠᠷ ᠬᠠᠷᠢᠭᠤᠯᠤᠨ᠎ᠠ᠃ ᠣᠳᠣ ᠪᠣᠯᠲᠠᠯ᠎ᠠ ᠪᠢᠳᠡ ᠶᠢᠷᠲᠢᠨᠴᠦ ᠶᠢᠨ ᠬᠣᠭ᠂ ᠪᠦᠬᠦᠨ ᠦ ᠰᠢᠭᠠᠷᠤ ᠮᠡᠲᠦ ᠪᠣᠯᠵᠠᠢ᠃

14 ᠪᠢ ᠲᠠ ᠨᠠᠷ ᠢ ᠢᠴᠢᠭᠡᠬᠦ ᠶᠢᠨ ᠲᠤᠯᠠᠳᠠ ᠪᠢᠰᠢ᠂ ᠬᠠᠷᠢᠨ ᠥᠪᠡᠷ ᠦᠨ ᠢᠶᠠᠨ ᠬᠠᠢᠷᠠᠲᠠᠢ ᠬᠡᠦᠬᠡᠳ ᠤᠳ ᠲᠤ ᠬᠠᠨᠳᠤᠬᠤ ᠮᠡᠲᠦ ᠰᠡᠷᠡᠮᠵᠢᠯᠡᠭᠦᠯᠬᠦ ᠶᠢᠨ ᠲᠥᠯᠥᠭᠡ ᠡᠳᠡᠭᠡᠷ ᠢ ᠪᠢᠴᠢᠵᠦ ᠪᠠᠢᠨ᠎ᠠ᠃ 15 ᠾᠷᠢᠰᠲ᠋ᠣᠰ ᠤᠨ ᠳᠣᠲᠣᠷ᠎ᠠ ᠲᠠ ᠨᠠᠷ ᠲᠤ ᠲᠦᠮᠡᠨ ᠪᠠᠭᠰᠢ ᠪᠠᠢᠯ᠎ᠠ ᠴᠤ ᠡᠴᠢᠭᠡ ᠪᠣᠯ ᠣᠯᠠᠨ ᠦᠭᠡᠢ᠂ ᠾᠷᠢᠰᠲ᠋ᠣᠰ ᠢᠰᠦ᠋ᠰ ᠤᠨ ᠳᠣᠲᠣᠷ᠎ᠠ ᠪᠠᠶᠠᠷ ᠤᠨ ᠮᠡᠳᠡᠭᠡ ᠪᠡᠷ ᠳᠠᠮᠵᠢᠭᠤᠯᠤᠨ ᠪᠢ ᠲᠠ ᠨᠠᠷ ᠢ ᠲᠥᠷᠥᠭᠦᠯᠦᠭᠰᠡᠨ᠃ 16 ᠲᠡᠢᠮᠦ ᠡᠴᠡ ᠪᠢ ᠲᠠ ᠨᠠᠷ ᠢ ᠢᠳᠬᠠᠶ᠎ᠠ᠂ ᠨᠠᠮᠠᠶᠢ ᠳᠠᠭᠤᠷᠢᠶᠠᠭᠴᠢᠳ ᠪᠣᠯᠣᠭᠠᠷᠠᠢ᠃ 17 ᠶᠠᠭ ᠡᠢᠮᠦ ᠤᠴᠢᠷ ᠠᠴᠠ ᠡᠵᠡᠨ ᠦ ᠳᠣᠲᠣᠷᠠᠬᠢ ᠮᠢᠨᠦ ᠬᠠᠢᠷᠠᠲᠠᠢ᠂ ᠦᠨᠡᠨᠴᠢ ᠬᠦᠦ ᠲᠢᠮᠣᠲ ᠢ ᠪᠢ ᠲᠠᠨ ᠤ ᠲᠡᠨᠳᠡ ᠢᠯᠡᠭᠡᠭᠰᠡᠨ᠃ ᠭᠠᠵᠠᠷ ᠪᠣᠯᠭᠠᠨ ᠤ ᠴᠢᠭᠤᠯᠭᠠᠨ ᠪᠦᠷᠢ ᠳᠤ ᠵᠢᠭᠠᠳᠠᠭ ᠲᠠᠢ ᠪᠠᠨ ᠠᠳᠠᠯᠢ ᠾᠷᠢᠰᠲ᠋ᠣᠰ ᠢᠰᠦ᠋ᠰ ᠤᠨ ᠳᠣᠲᠣᠷ᠎ᠠ ᠬᠡᠷᠬᠢᠨ ᠶᠠᠪᠤᠳᠠᠭ ᠢ ᠮᠢᠨᠢ ᠲᠡᠷᠡ ᠲᠠ ᠨᠠᠷ ᠲᠤ ᠰᠠᠨᠠᠭᠤᠯᠬᠤ ᠪᠣᠯᠣᠨ᠎ᠠ᠃ 18 ᠬᠠᠷᠢᠨ ᠨᠠᠮᠠᠶᠢ ᠢᠷᠡᠬᠦ ᠦᠭᠡᠢ ᠭᠡᠵᠦ ᠪᠣᠳᠣᠭᠠᠳ ᠣᠩᠭᠢᠷᠠᠳᠠᠭ ᠬᠥᠮᠦᠰ ᠲᠠ ᠨᠠᠷ ᠤᠨ ᠳᠤᠮᠳᠠ ᠪᠤᠢ᠃ 19 ᠬᠡᠷᠪᠡ ᠡᠵᠡᠨ ᠦ ᠰᠠᠨᠠᠭ᠎ᠠ ᠮᠥᠨ ᠪᠣᠯ ᠪᠢ ᠤᠳᠠᠯ ᠦᠭᠡᠢ ᠲᠠᠨ ᠤ ᠲᠡᠨᠳᠡ ᠣᠴᠢᠭᠠᠳ ᠲᠡᠳᠡᠭᠡᠷ ᠣᠩᠭᠢᠷᠠᠭᠴᠢ ᠶᠢᠨ ᠶᠠᠷᠢᠶ᠎ᠠ ᠶᠢ ᠨᠢ ᠪᠢᠰᠢ᠂ ᠬᠦᠴᠦ ᠶᠢ ᠨᠢ ᠮᠡᠳᠡᠶ᠎ᠡ᠃ 20 ᠤᠴᠢᠷ ᠨᠢ᠂ ᠪᠤᠷᠬᠠᠨ ᠤ ᠬᠠᠭᠠᠨᠴᠢᠯᠠᠯ ᠶᠠᠷᠢᠶᠠᠨ ᠳᠤ ᠪᠢᠰᠢ᠂ ᠬᠠᠷᠢᠨ ᠬᠦᠴᠦᠨ ᠳᠦ ᠪᠠᠢᠳᠠᠭ᠃ 21 ᠲᠠ ᠨᠠᠷ ᠠᠯᠢᠨ ᠳᠤᠨᠢ ᠳᠤᠷᠠᠲᠠᠢ ᠪᠤᠢ︖ ᠪᠢ ᠲᠠ ᠨᠠᠷ ᠤᠷᠤᠭᠤ ᠲᠠᠰᠢᠭᠤᠷ ᠲᠠᠢ ᠣᠴᠢᠬᠤ ᠤᠤ︖ ᠡᠰᠡᠬᠦᠯ᠎ᠡ ᠬᠠᠢᠷ᠎ᠠ ᠪᠠ ᠡᠶᠡᠯᠳᠡᠭ ᠰᠡᠳᠬᠢᠯ ᠢᠶᠠᠷ ᠣᠴᠢᠬᠤ ᠤᠤ︖