ᠨᠢᠭᠡᠳᠦᠭᠡᠷ ᠺᠣᠷᠢᠨᠲ ᠠᠷᠪᠠᠨ ᠨᠢᠭᠡ
ᠢᠲᠡᠭᠡᠭᠴᠢ ᠡᠮᠡᠭᠲᠡᠢᠴᠦᠳ ᠦᠨ ᠰᠠᠬᠢᠬᠤ ᠶᠣᠰᠣ ᠵᠢᠷᠤᠮ
1 ᠾᠷᠢᠰᠲ᠋ᠣᠰ ᠢ ᠳᠠᠭᠤᠷᠢᠶᠠᠳᠠᠭ ᠲᠠᠢ ᠮᠢᠨᠢ ᠠᠳᠠᠯᠢ ᠪᠠᠷ ᠲᠠ ᠨᠠᠷ ᠨᠠᠮᠠᠶᠢ ᠳᠠᠭᠤᠷᠢᠶᠠᠭᠲᠤᠨ᠃ 2 ᠶᠠᠪᠤᠳᠠᠯ ᠪᠣᠯᠭᠠᠨ ᠳᠤ ᠨᠠᠮᠠᠶᠢ ᠰᠠᠨᠠᠭᠠᠯᠵᠠᠵᠤ᠂ ᠮᠥᠨ ᠮᠢᠨᠦ ᠤᠯᠠᠮᠵᠢᠯᠠᠭᠰᠠᠨ ᠶᠣᠰᠣᠭᠠᠷ ᠰᠠᠬᠢᠳᠠᠭ ᠲᠤ ᠴᠢᠨᠢ ᠪᠢ ᠲᠠ ᠨᠠᠷ ᠢ ᠮᠠᠭᠲᠠᠳᠠᠭ᠃ 3 ᠬᠠᠷᠢᠨ ᠲᠠ ᠨᠠᠷ ᠠᠯᠢᠪᠠ ᠡᠷᠡᠭᠲᠡᠢ ᠬᠥᠮᠦᠨ ᠦ ᠲᠡᠷᠢᠭᠦᠨ ᠪᠣᠯ ᠾᠷᠢᠰᠲ᠋ᠣᠰ᠂ ᠡᠬᠡᠨᠡᠷ ᠬᠥᠮᠦᠨ ᠦ ᠲᠡᠷᠢᠭᠦᠨ ᠪᠣᠯ ᠨᠥᠬᠥᠷ ᠨᠢ᠂ ᠾᠷᠢᠰᠲ᠋ᠣᠰ ᠤᠨ ᠲᠡᠷᠢᠭᠦᠨ ᠪᠣᠯ ᠪᠤᠷᠬᠠᠨ ᠮᠥᠨ ᠭᠡᠳᠡᠭ ᠢ ᠣᠢᠯᠠᠭᠠᠭᠠᠰᠠᠢ ᠭᠡᠵᠦ ᠪᠢ ᠬᠦᠰᠡᠵᠦ ᠪᠠᠢᠨ᠎ᠠ᠃ 4 ᠡᠷᠡᠭᠲᠡᠢ ᠬᠥᠮᠦᠨ ᠲᠣᠯᠣᠭᠠᠢ ᠪᠠᠨ ᠪᠦᠲᠡᠭᠡᠵᠦ ᠳᠠᠭᠠᠳᠬᠠᠬᠤ ᠪᠤᠶᠤ ᠡᠰᠢ ᠦᠵᠡᠭᠦᠯᠪᠡᠯ ᠲᠣᠯᠣᠭᠠᠢ ᠪᠠᠨ ᠭᠤᠲᠤᠭᠠᠬᠤ ᠬᠡᠷᠡᠭ ᠪᠣᠯᠣᠨ᠎ᠠ᠃ 5 ᠡᠮᠡᠭᠲᠡᠢ ᠬᠥᠮᠦᠨ ᠲᠣᠯᠣᠭᠠᠢ ᠪᠠᠨ ᠪᠦᠲᠡᠭᠡᠬᠦ ᠦᠭᠡᠢ ᠪᠠᠷ ᠳᠠᠭᠠᠳᠬᠠᠬᠤ ᠪᠤᠶᠤ ᠡᠰᠢ ᠦᠵᠡᠭᠦᠯᠪᠡᠯ ᠲᠣᠯᠣᠭᠠᠢ ᠪᠠᠨ ᠭᠤᠲᠤᠭᠠᠬᠤ ᠬᠡᠷᠡᠭ ᠪᠣᠯᠣᠨ᠎ᠠ᠃ ᠢᠩᠭᠢᠬᠦ ᠨᠢ ᠦᠰᠦ ᠪᠡᠨ ᠬᠤᠰᠤᠭᠤᠯᠤᠭᠰᠠᠨ ᠲᠠᠢ ᠠᠳᠠᠯᠢ ᠶᠤᠮ᠃ 6 ᠡᠮᠡᠭᠲᠡᠢ ᠬᠥᠮᠦᠨ ᠲᠣᠯᠣᠭᠠᠢ ᠪᠠᠨ ᠪᠦᠲᠡᠭᠡᠬᠦ ᠦᠭᠡᠢ ᠭᠡᠪᠡᠯ ᠦᠰᠦ ᠪᠡᠨ ᠬᠢᠷᠭ᠎ᠠ᠃ ᠦᠰᠦ ᠪᠡᠨ ᠬᠢᠷᠭᠠᠬᠤ ᠪᠤᠶᠤ ᠬᠤᠰᠤᠬᠤ ᠨᠢ ᠡᠮᠡᠭᠲᠡᠢ ᠬᠥᠮᠦᠨ ᠳᠦ ᠢᠴᠢᠭᠦᠷᠢᠲᠡᠢ ᠪᠣᠯ ᠲᠣᠯᠣᠭᠠᠢ ᠪᠠᠨ ᠪᠦᠲᠡᠭᠡ᠃ 7 ᠡᠷᠡᠭᠲᠡᠢ ᠬᠥᠮᠦᠨ ᠲᠣᠯᠣᠭᠠᠢ ᠪᠠᠨ ᠪᠦᠲᠡᠭᠡᠬᠦ ᠬᠡᠷᠡᠭ ᠦᠭᠡᠢ᠃ ᠲᠡᠷᠡ ᠪᠣᠯ ᠪᠤᠷᠬᠠᠨ ᠤ ᠲᠥᠷᠬᠥ ᠪᠠ ᠠᠯᠳᠠᠷ ᠰᠤᠤ ᠮᠥᠨ᠃ ᠬᠠᠷᠢᠨ ᠡᠮᠡᠭᠲᠡᠢ ᠬᠥᠮᠦᠨ ᠪᠣᠯ ᠡᠷᠡᠭᠲᠡᠢ ᠬᠥᠮᠦᠨ ᠦ ᠠᠯᠳᠠᠷ ᠰᠤᠤ ᠮᠥᠨ᠃ 8 ᠤᠴᠢᠷ ᠨᠢ᠂ ᠡᠷᠡᠭᠲᠡᠢ ᠬᠥᠮᠦᠨ ᠡᠮᠡᠭᠲᠡᠢ ᠬᠥᠮᠦᠨ ᠡᠴᠡ ᠪᠤᠢ ᠪᠣᠯᠣᠭᠰᠠᠨ ᠪᠢᠰᠢ᠂ ᠬᠠᠷᠢᠨ ᠡᠮᠡᠭᠲᠡᠢ ᠬᠥᠮᠦᠨ ᠡᠷᠡᠭᠲᠡᠢ ᠬᠥᠮᠦᠨ ᠡᠴᠡ ᠪᠤᠢ ᠪᠣᠯᠣᠭᠰᠠᠨ ᠪᠥᠭᠡᠳ 9 ᠡᠷᠡᠭᠲᠡᠢ ᠬᠥᠮᠦᠨ ᠡᠮᠡᠭᠲᠡᠢ ᠬᠥᠮᠦᠨ ᠦ ᠲᠥᠯᠥᠭᠡ ᠪᠦᠲᠦᠭᠡᠭᠳᠡᠭᠰᠡᠨ ᠪᠢᠰᠢ᠂ ᠡᠮᠡᠭᠲᠡᠢ ᠬᠥᠮᠦᠨ ᠡᠷᠡᠭᠲᠡᠢ ᠬᠥᠮᠦᠨ ᠦ ᠲᠥᠯᠥᠭᠡ ᠪᠦᠲᠦᠭᠡᠭᠳᠡᠭᠰᠡᠨ ᠶᠤᠮ᠃ 10 ᠡᠢᠨ ᠬᠦ ᠲᠩᠷᠢ ᠶᠢᠨ ᠡᠯᠴᠢᠳ ᠤᠨ ᠤᠯᠠᠮ ᠠᠴᠠ ᠡᠮᠡᠭᠲᠡᠢ ᠬᠥᠮᠦᠨ ᠲᠣᠯᠣᠭᠠᠢ ᠳᠡᠭᠡᠷ᠎ᠡ ᠪᠡᠨ ᠡᠷᠬᠡ ᠮᠡᠳᠡᠯ ᠦᠨ ᠲᠡᠮᠳᠡᠭ ᠲᠡᠢ ᠪᠠᠢᠬᠤ ᠬᠡᠷᠡᠭᠲᠡᠢ᠃ 11 ᠲᠡᠭᠡᠭᠰᠡᠨ ᠴᠤ ᠡᠵᠡᠨ ᠦ ᠳᠣᠲᠣᠷ᠎ᠠ ᠡᠮᠡᠭᠲᠡᠢ ᠬᠥᠮᠦᠨ ᠡᠷᠡᠭᠲᠡᠢ ᠬᠥᠮᠦᠨ ᠡᠴᠡ ᠲᠤᠰᠠᠭᠠᠷ ᠪᠤᠰᠤ ᠪᠥᠭᠡᠳ ᠡᠷᠡᠭᠲᠡᠢ ᠬᠥᠮᠦᠨ ᠡᠮᠡᠭᠲᠡᠢ ᠬᠥᠮᠦᠨ ᠡᠴᠡ ᠲᠤᠰᠠᠭᠠᠷ ᠪᠤᠰᠤ ᠪᠠᠢᠳᠠᠭ᠃ 12 ᠤᠴᠢᠷ ᠨᠢ᠂ ᠡᠮᠡᠭᠲᠡᠢ ᠬᠥᠮᠦᠨ ᠡᠷᠡᠭᠲᠡᠢ ᠬᠥᠮᠦᠨ ᠡᠴᠡ ᠪᠤᠢ ᠪᠣᠯᠣᠭᠰᠠᠨ ᠲᠠᠢ ᠠᠳᠠᠯᠢ᠂ ᠡᠷᠡᠭᠲᠡᠢ ᠬᠥᠮᠦᠨ ᠡᠮᠡᠭᠲᠡᠢ ᠬᠥᠮᠦᠨ ᠢᠶᠡᠷ ᠳᠠᠮᠵᠢᠨ ᠲᠥᠷᠥᠳᠡᠭ᠃ ᠭᠡᠬᠦ ᠳᠦ᠂ ᠪᠦᠬᠦ ᠶᠠᠭᠤᠮ᠎ᠠ ᠪᠤᠷᠬᠠᠨ ᠠᠴᠠ ᠶᠤᠮ᠃ 13 ᠲᠠ ᠨᠠᠷ ᠥᠪᠡᠷᠰᠡᠳ ᠢᠶᠡᠨ ᠮᠠᠭᠠᠳᠯᠠᠵᠤ ᠦᠵᠡᠭᠲᠦᠨ᠃ ᠡᠮᠡᠭᠲᠡᠢ ᠬᠥᠮᠦᠨ ᠲᠣᠯᠣᠭᠠᠢ ᠪᠠᠨ ᠪᠦᠲᠡᠭᠡᠬᠦ ᠦᠭᠡᠢ ᠪᠠᠷ ᠪᠤᠷᠬᠠᠨ ᠳᠤ ᠳᠠᠭᠠᠳᠬᠠᠬᠤ ᠨᠢ ᠵᠣᠬᠢᠰᠲᠠᠢ ᠤᠤ︖ 14 ᠲᠥᠷᠥᠯᠬᠢ ᠴᠢᠨᠠᠷ ᠴᠢᠨᠢ ᠲᠠ ᠨᠠᠷ ᠲᠤ ᠵᠢᠭᠠᠳᠠᠭ ᠪᠢᠰᠢ ᠤᠤ︖ ᠡᠷᠡᠭᠲᠡᠢ ᠬᠥᠮᠦᠨ ᠦ ᠤᠷᠲᠤ ᠭᠡᠵᠢᠭᠡ ᠪᠡᠶ᠎ᠡ ᠳᠦᠨᠢ ᠭᠤᠲᠤᠮᠰᠢᠭ ᠪᠣᠯ᠂ 15 ᠡᠮᠡᠭᠲᠡᠢ ᠬᠥᠮᠦᠨ ᠦ ᠤᠷᠲᠤ ᠭᠡᠵᠢᠭᠡ ᠪᠡᠶ᠎ᠡ ᠳᠦᠨᠢ ᠢᠷᠠᠭᠤ ᠠᠯᠳᠠᠷ ᠪᠣᠯᠬᠤ ᠪᠢᠰᠢ ᠤᠤ︖ ᠤᠷᠲᠤ ᠭᠡᠵᠢᠭᠡ ᠲᠣᠯᠣᠭᠠᠢ ᠶᠢ ᠨᠢ ᠪᠦᠲᠡᠭᠡᠬᠦ ᠶᠢᠨ ᠲᠤᠯᠠᠳᠠ ᠰᠣᠶᠣᠷᠬᠠᠭᠳᠠᠭᠰᠠᠨ ᠶᠤᠮ᠃ 16 ᠡᠨᠡ ᠲᠤᠬᠠᠢ ᠬᠡᠨ ᠨᠢᠭᠡ ᠨᠢ ᠮᠠᠷᠭᠤᠬᠤ ᠶᠢ ᠰᠠᠨᠠᠭᠠᠷᠬᠠᠪᠠᠴᠤ ᠪᠢᠳᠡᠨ ᠳᠦ ᠴᠤ᠂ ᠪᠤᠷᠬᠠᠨ ᠤ ᠴᠢᠭᠤᠯᠭᠠᠨ ᠨᠤᠭᠤᠳ ᠲᠤ ᠴᠤ ᠡᠭᠦᠨ ᠡᠴᠡ ᠥᠭᠡᠷ᠎ᠡ ᠵᠠᠩᠰᠢᠯ ᠦᠭᠡᠢ ᠶᠤᠮ᠃
ᠡᠵᠡᠨ ᠦ ᠵᠣᠭᠣᠭ
17 ᠪᠢ ᠳᠠᠷᠠᠭᠠᠬᠢ ᠵᠦᠢᠯ ᠢ ᠵᠠᠬᠢᠬᠤ ᠳᠠᠭᠠᠨ ᠲᠠ ᠨᠠᠷ ᠢ ᠮᠠᠭᠲᠠᠬᠤ ᠦᠭᠡᠢ᠃ ᠶᠠᠭᠠᠬᠢᠭᠠᠳ ᠭᠡᠪᠡᠯ᠂ ᠲᠠ ᠨᠠᠷ ᠴᠤᠭᠯᠠᠷᠠᠬᠤ ᠳᠠᠭᠠᠨ ᠰᠠᠢᠵᠢᠷᠠᠬᠤ ᠦᠭᠡᠢ᠂ ᠬᠠᠷᠢᠨ ᠮᠠᠭᠤᠳᠠᠵᠤ ᠪᠠᠢᠨ᠎ᠠ᠃ 18 ᠶᠠᠭᠤᠨ ᠤ ᠤᠷᠢᠳ᠂ ᠴᠢᠭᠤᠯᠭᠠᠨ ᠳᠤ ᠴᠤᠭᠯᠠᠷᠠᠬᠤ ᠳᠠᠭᠠᠨ ᠲᠠ ᠨᠠᠷ ᠳᠤᠮᠳᠠ ᠬᠠᠭᠠᠷᠠᠯ ᠭᠠᠷᠴᠤ ᠪᠠᠢᠨ᠎ᠠ ᠭᠡᠵᠦ ᠪᠢ ᠰᠣᠨᠣᠰᠪᠠ᠂ ᠡᠭᠦᠨ ᠢ ᠪᠠᠭ᠎ᠠ ᠰᠠᠭ᠎ᠠ ᠦᠨᠡᠮᠰᠢᠵᠦ ᠪᠠᠢᠨ᠎ᠠ᠃ 19 ᠦᠨᠡᠨ ᠳᠡᠭᠡᠨ ᠠᠯᠢ ᠨᠢ ᠵᠥᠪᠰᠢᠶᠡᠷᠡᠭᠳᠡᠭᠰᠡᠨ ᠨᠢ ᠲᠣᠳᠣᠷᠬᠠᠢ ᠪᠣᠯᠬᠤ ᠶᠢᠨ ᠲᠤᠯᠠᠳᠠ ᠲᠠ ᠨᠠᠷ ᠤᠨ ᠳᠤᠮᠳᠠ ᠪᠦᠯᠦᠭᠯᠡᠯ ᠪᠠᠢᠬᠤ ᠶᠣᠰᠣᠲᠠᠢ ᠪᠠᠢᠵᠠᠢ᠃ 20 ᠲᠠ ᠨᠠᠷ ᠨᠢᠭᠡ ᠳᠣᠣᠷ᠎ᠠ ᠴᠤᠭᠯᠠᠷᠠᠭᠰᠠᠨ ᠴᠤ ᠵᠢᠩᠬᠢᠨᠢ ᠪᠠᠷ ᠡᠵᠡᠨ ᠦ ᠵᠣᠭᠣᠭ ᠢ ᠢᠳᠡᠵᠦ ᠪᠠᠢᠭ᠎ᠠ ᠪᠢᠰᠢ ᠶᠤᠮ᠃ 21 ᠶᠠᠭᠠᠬᠢᠭᠠᠳ ᠭᠡᠪᠡᠯ᠂ ᠬᠥᠮᠦᠨ ᠪᠦᠷᠢ ᠠᠪᠴᠢᠷᠠᠭᠰᠠᠨ ᠬᠣᠭᠣᠯᠠ ᠪᠠᠨ ᠵᠠᠪᠳᠤᠵᠤ ᠢᠳᠡᠳᠡᠭ ᠲᠤᠯᠠ ᠵᠠᠷᠢᠮ ᠨᠢ ᠥᠯᠥᠰᠴᠦ᠂ ᠵᠠᠷᠢᠮ ᠨᠢ ᠰᠣᠭᠲᠣᠳᠠᠭ᠃ 22 ᠲᠠ ᠨᠠᠷ ᠢᠳᠡᠵᠦ ᠤᠤᠭᠤᠬᠤ ᠭᠡᠷ ᠦᠭᠡᠢ ᠶᠤᠮ ᠤᠤ︖ ᠡᠰᠡᠬᠦᠯ᠎ᠡ ᠪᠤᠷᠬᠠᠨ ᠤ ᠴᠢᠭᠤᠯᠭᠠᠨ ᠢ ᠬᠥᠩᠭᠡᠪᠴᠢᠯᠡᠨ ᠶᠠᠳᠠᠭᠤᠴᠤᠳ ᠢᠶᠠᠨ ᠢᠴᠢᠭᠡᠬᠦ ᠭᠡᠵᠦ ᠪᠠᠢᠨ᠎ᠠ ᠤᠤ︖ ᠪᠢ ᠲᠠ ᠨᠠᠷ ᠲᠤ ᠶᠠᠭᠤ ᠬᠡᠯᠡᠬᠦ ᠪᠤᠢ︖ ᠲᠠ ᠨᠠᠷ ᠢ ᠮᠠᠭᠲᠠᠬᠤ ᠤᠤ︖ ᠡᠨᠡ ᠶᠠᠪᠤᠳᠠᠯ ᠳᠡᠭᠡᠷ᠎ᠡ ᠪᠢ ᠮᠠᠭᠲᠠᠬᠤ ᠦᠭᠡᠢ᠃
23 ᠡᠵᠡᠨ ᠡᠴᠡ ᠬᠦᠯᠢᠶᠡᠨ ᠠᠪᠤᠭᠰᠠᠨ ᠢᠶᠠᠨ ᠲᠠ ᠨᠠᠷ ᠲᠤ ᠪᠢ ᠤᠯᠠᠮᠵᠢᠯᠠᠭᠰᠠᠨ ᠶᠤᠮ᠃ ᠡᠵᠡᠨ ᠢᠰᠦ᠋ᠰ ᠪᠠᠷᠢᠪᠴᠢᠯᠠᠭᠳᠠᠬᠤ ᠰᠥᠨᠢ ᠳᠡᠭᠡᠨ ᠪᠣᠣᠪᠣ ᠠᠪᠤᠭᠠᠳ 24 ᠲᠠᠯᠠᠷᠬᠠᠯ ᠡᠷᠭᠦᠭᠰᠡᠨ ᠦ ᠳᠠᠷᠠᠭ᠎ᠠ᠂ ᠬᠤᠪᠢᠶᠠᠵᠤ᠄ 《ᠡᠨᠡ ᠪᠣᠯ ᠲᠠ ᠨᠠᠷ ᠤᠨ ᠲᠥᠯᠥᠭᠡ ᠵᠣᠷᠢᠭᠤᠯᠤᠭᠰᠠᠨ ᠮᠢᠨᠦ ᠪᠡᠶ᠎ᠡ ᠮᠥᠨ᠂ ᠡᠭᠦᠨ ᠢ ᠦᠢᠯᠡᠳᠴᠦ ᠨᠠᠮᠠᠶᠢ ᠳᠤᠷᠠᠰᠤᠭᠲᠤᠨ》 ᠭᠡᠰᠡᠨ ᠪᠥᠭᠡᠳ 25 ᠵᠣᠭᠣᠭ ᠤᠨ ᠳᠠᠷᠠᠭ᠎ᠠ᠂ ᠮᠥᠨ ᠠᠳᠠᠯᠢᠬᠠᠨ ᠢᠶᠠᠷ ᠴᠣᠮᠣ ᠠᠪᠴᠤ᠄ 《ᠡᠨᠡ ᠴᠣᠮᠣ ᠪᠣᠯ ᠮᠢᠨᠦ ᠴᠢᠰᠤ ᠪᠠᠷ ᠪᠠᠢᠭᠤᠯᠤᠭᠰᠠᠨ ᠰᠢᠨ᠎ᠡ ᠭᠡᠷ᠎ᠡ ᠮᠥᠨ᠃ ᠲᠠ ᠨᠠᠷ ᠤᠤᠭᠤᠬᠤ ᠪᠣᠯᠭᠠᠨ ᠳᠠᠭᠠᠨ ᠡᠭᠦᠨ ᠢ ᠦᠢᠯᠡᠳᠴᠦ ᠨᠠᠮᠠᠶᠢ ᠳᠤᠷᠠᠰᠤᠭᠲᠤᠨ》 ᠭᠡᠵᠡᠢ᠃ 26 ᠲᠡᠢᠮᠦ ᠡᠴᠡ ᠲᠠ ᠨᠠᠷ ᠡᠵᠡᠨ ᠢᠷᠡᠬᠦ ᠪᠣᠯᠲᠠᠯ᠎ᠠ ᠡᠨᠡ ᠪᠣᠣᠪᠣ ᠶᠢ ᠢᠳᠡᠨ ᠡᠨᠡ ᠴᠣᠮᠣᠨ ᠠᠴᠠ ᠤᠤᠭᠤᠬᠤ ᠪᠦᠷᠢ ᠳᠡᠭᠡᠨ ᠲᠡᠭᠦᠨ ᠦ ᠦᠬᠦᠯ ᠢ ᠲᠤᠩ᠋ᠬᠠᠭᠯᠠᠬᠤ ᠪᠣᠯᠣᠨ᠎ᠠ᠃
27 ᠲᠡᠢᠮᠦ ᠳᠦ᠂ ᠵᠣᠬᠢᠰ ᠦᠭᠡᠢ ᠪᠠᠷ ᠡᠵᠡᠨ ᠦ ᠪᠣᠣᠪᠣ ᠠᠴᠠ ᠢᠳᠡᠨ᠂ ᠴᠣᠮᠣ ᠠᠴᠠ ᠨᠢ ᠤᠤᠭᠤᠳᠠᠭ ᠬᠥᠮᠦᠨ ᠪᠣᠯᠭᠠᠨ ᠡᠵᠡᠨ ᠦ ᠪᠡᠶ᠎ᠡ ᠪᠠ ᠴᠢᠰᠤᠨ ᠳᠤ ᠤᠰᠤᠯᠳᠤᠬᠤ ᠪᠣᠯᠣᠨ᠎ᠠ᠃ 28 ᠬᠥᠮᠦᠨ ᠥᠪᠡᠷ ᠢ ᠪᠠᠨ ᠬᠢᠨᠠᠭᠲᠤᠨ᠂ ᠲᠡᠭᠡᠭᠰᠡᠨ ᠦ ᠳᠠᠷᠠᠭ᠎ᠠ ᠯᠠ ᠪᠣᠣᠪᠣ ᠠᠴᠠ ᠢᠳᠡᠵᠦ᠂ ᠴᠣᠮᠣᠨ ᠠᠴᠠ ᠤᠤᠭᠤᠭᠠᠷᠠᠢ᠃ 29 ᠡᠵᠡᠨ ᠦ ᠪᠡᠶ᠎ᠡ ᠶᠢ ᠢᠯᠭᠠᠵᠤ ᠲᠠᠨᠢᠬᠤ ᠦᠭᠡᠢ ᠪᠠᠷ ᠢᠳᠡᠵᠦ ᠤᠤᠭᠤᠭᠴᠢ ᠨᠢ ᠪᠡᠶ᠎ᠡ ᠳᠡᠭᠡᠨ ᠪᠠᠭᠤᠬᠤ ᠰᠢᠳᠬᠡᠯ ᠢ ᠢᠳᠡᠵᠦ ᠤᠤᠭᠤᠳᠠᠭ ᠶᠤᠮ᠃ 30 ᠡᠭᠦᠨ ᠡᠴᠡ ᠪᠣᠯᠵᠤ ᠲᠠ ᠨᠠᠷ ᠤᠨ ᠳᠤᠮᠳᠠ ᠰᠤᠯᠠ ᠳᠣᠷᠣᠢ ᠪᠠ ᠡᠪᠡᠳᠴᠢᠨ ᠲᠡᠢ ᠬᠥᠮᠦᠨ ᠣᠯᠠᠨ᠂ ᠦᠬᠦᠭᠰᠡᠨ ᠬᠥᠮᠦᠨ ᠴᠤ ᠴᠥᠭᠡᠨ ᠪᠤᠰᠤ ᠪᠢᠯᠡ᠃ 31 ᠬᠡᠷᠪᠡ ᠪᠢᠳᠡ ᠥᠪᠡᠷᠰᠡᠳ ᠢ ᠪᠠᠨ ᠬᠢᠨᠠᠵᠤ ᠦᠵᠡᠬᠦ ᠶᠤᠮ ᠪᠣᠯ ᠰᠢᠳᠬᠡᠭᠳᠡᠬᠦ ᠦᠭᠡᠢ ᠶᠤᠮ᠃ 32 ᠬᠠᠷᠢᠨ ᠡᠵᠡᠨ ᠪᠢᠳᠡᠨ ᠢ ᠣᠳᠣ ᠰᠢᠳᠬᠡᠵᠦ ᠰᠠᠬᠢᠯᠭᠠᠵᠢᠭᠤᠯᠳᠠᠭ ᠨᠢ ᠪᠢᠳᠡᠨ ᠢ ᠶᠢᠷᠲᠢᠨᠴᠦ ᠲᠠᠢ ᠬᠠᠮᠲᠤ ᠪᠢᠲᠡᠭᠡᠢ ᠶᠠᠯᠠᠯᠠᠭᠳᠠᠭᠠᠰᠠᠢ ᠭᠡᠰᠡᠨ ᠳᠡᠭᠡᠨ ᠶᠤᠮ᠃
33 ᠲᠡᠢᠮᠦ ᠡᠴᠡ ᠠᠬ᠎ᠠ ᠳᠡᠭᠦᠦ ᠨᠠᠷ ᠮᠢᠨᠢ ᠡ᠂ ᠲᠠ ᠨᠠᠷ ᠴᠤᠭᠯᠠᠷᠠᠵᠤ ᠬᠠᠮᠲᠤ ᠬᠣᠭᠣᠯᠠᠯᠠᠬᠤ ᠳᠠᠭᠠᠨ ᠪᠡᠶ᠎ᠡ ᠪᠡᠶ᠎ᠡ ᠪᠡᠨ ᠬᠦᠯᠢᠶᠡᠭᠲᠦᠨ᠃ 34 ᠥᠯᠥᠰᠥᠭᠰᠡᠨ ᠬᠥᠮᠦᠨ ᠨᠢ ᠭᠡᠷ ᠲᠡᠭᠡᠨ ᠢᠳᠡᠭᠲᠦᠨ᠂ ᠲᠡᠭᠡᠪᠡᠯ ᠲᠠ ᠨᠠᠷ ᠴᠤᠭᠯᠠᠷᠠᠭᠰᠠᠨ ᠤ ᠤᠯᠠᠮ ᠢᠶᠠᠷ ᠰᠢᠳᠬᠡᠭᠳᠡᠬᠦ ᠦᠭᠡᠢ ᠪᠣᠯᠣᠨ᠎ᠠ᠃ ᠪᠤᠰᠤᠳ ᠢ ᠨᠢ ᠪᠢ ᠣᠴᠢᠭᠠᠳ ᠵᠣᠬᠢᠴᠠᠭᠤᠯᠤᠶᠠ᠃