ᠨᠢᠭᠡᠳᠦᠭᠡᠷ ᠺᠣᠷᠢᠨᠲ ᠶᠢᠰᠦ
ᠰᠢᠳᠠᠷ ᠱᠠᠪᠢ ᠶᠢᠨ ᠡᠷᠬᠡ
1 ᠪᠢ ᠡᠷᠬᠡ ᠴᠢᠯᠥᠭᠡᠲᠦ ᠬᠥᠮᠦᠨ ᠪᠢᠰᠢ ᠭᠡᠵᠢ ᠤᠤ︖ ᠪᠢ ᠰᠢᠳᠠᠷ ᠱᠠᠪᠢ ᠪᠢᠰᠢ ᠭᠡᠵᠢ ᠤᠤ︖ ᠪᠢᠳᠡᠨ ᠦ ᠡᠵᠡᠨ ᠢᠰᠦ᠋ᠰ ᠢ ᠪᠢ ᠦᠵᠡᠭᠡ ᠦᠭᠡᠢ ᠭᠡᠵᠢ ᠤᠤ︖ ᠲᠠ ᠨᠠᠷ ᠴᠢᠨᠢ ᠡᠵᠡᠨ ᠦ ᠳᠣᠲᠣᠷ᠎ᠠ ᠠᠵᠢᠯᠯᠠᠭᠰᠠᠨ ᠤ ᠮᠢᠨᠢ ᠦᠷ᠎ᠡ ᠳ᠋ᠦᠩ ᠪᠢᠰᠢ ᠤᠤ︖ 2 ᠬᠡᠳᠦᠢᠪᠡᠷ ᠪᠢ ᠪᠤᠰᠤᠳ ᠲᠤ ᠰᠢᠳᠠᠷ ᠱᠠᠪᠢ ᠪᠢᠰᠢ ᠪᠠᠢᠭᠰᠠᠨ ᠴᠤ ᠲᠠ ᠨᠠᠷ ᠲᠤ ᠪᠣᠯ ᠭᠠᠷᠴᠠᠭ᠎ᠠ ᠦᠭᠡᠢ ᠰᠢᠳᠠᠷ ᠱᠠᠪᠢ ᠶᠤᠮ᠃ ᠡᠵᠡᠨ ᠦ ᠳᠣᠲᠣᠷ᠎ᠠ ᠪᠠᠢᠭ᠎ᠠ ᠲᠠ ᠨᠠᠷ ᠪᠣᠯ ᠰᠢᠳᠠᠷ ᠱᠠᠪᠢ ᠶᠢᠨ ᠲᠤᠰᠢᠶᠠᠯ ᠤᠨ ᠮᠢᠨᠢ ᠲᠠᠮᠠᠭ᠎ᠠ ᠮᠥᠨ᠃
3 ᠨᠠᠮᠠᠶᠢ ᠰᠢᠭᠦᠮᠵᠢᠯᠡᠳᠡᠭ᠌ ᠬᠥᠮᠦᠰ ᠲᠦ ᠪᠢ ᠬᠠᠷᠢᠭᠤᠯᠤᠶ᠎ᠠ᠄ 4 ᠢᠳᠡᠵᠦ ᠤᠤᠭᠤᠬᠤ ᠡᠷᠬᠡ ᠪᠢᠳᠡᠨ ᠳᠦ ᠪᠠᠢᠬᠤ ᠦᠭᠡᠢ ᠶᠤᠮ ᠤᠤ︖ 5 ᠪᠤᠰᠤᠳ ᠰᠢᠳᠠᠷ ᠱᠠᠪᠢ ᠨᠠᠷ᠂ ᠡᠵᠡᠨ ᠦ ᠳᠡᠭᠦᠦ ᠨᠠᠷ ᠪᠠ ᠺᠧᠹᠠ 5 ᠲᠠᠢ ᠠᠳᠠᠯᠢ ᠪᠠᠷ ᠪᠢᠳᠡ ᠴᠤ ᠢᠲᠡᠭᠡᠭᠴᠢ ᠭᠡᠷᠭᠡᠢ ᠪᠡᠨ ᠳᠠᠭᠠᠭᠤᠯᠵᠤ ᠶᠠᠪᠤᠬᠤ ᠡᠷᠬᠡ ᠦᠭᠡᠢ ᠶᠤᠮ ᠤᠤ︖ 6 ᠡᠰᠡᠬᠦᠯ᠎ᠡ ᠪᠠᠷᠨᠠᠪᠠ ᠪᠢᠳᠡ ᠬᠣᠶᠠᠷ ᠯᠠ ᠠᠵᠢᠯ ᠦᠯᠦ ᠬᠢᠬᠦ ᠡᠷᠬᠡ ᠦᠭᠡᠢ ᠶᠤᠮ ᠤᠤ︖ 7 ᠶᠡᠷᠦ ᠨᠢ ᠬᠡᠨ ᠥᠪᠡᠷ ᠦᠨ ᠮᠥᠩᠭᠥ ᠪᠡᠨ ᠵᠠᠷᠤᠴᠠᠭᠤᠯᠵᠤ ᠴᠡᠷᠢᠭ ᠲᠤ ᠣᠷᠣᠳᠠᠭ ᠪᠤᠢ︖ ᠬᠡᠨ ᠦᠵᠦᠮ ᠦᠨ ᠬᠦᠷᠢᠶᠡᠯᠡᠩ ᠪᠠᠢᠭᠤᠯᠴᠢᠬᠠᠭᠠᠳ ᠵᠢᠮᠢᠰ ᠡᠴᠡ ᠨᠢ ᠢᠳᠡᠳᠡᠭ ᠦᠭᠡᠢ ᠪᠤᠢ︖ ᠬᠡᠨ ᠬᠣᠨᠢᠨ ᠰᠦᠷᠦᠭ ᠬᠠᠷᠢᠭᠤᠯᠴᠢᠬᠠᠭᠠᠳ ᠬᠣᠨᠢᠨ ᠤ ᠪᠠᠨ ᠰᠦ᠋ ᠶᠢ ᠤᠤᠭᠤᠳᠠᠭ ᠦᠭᠡᠢ ᠪᠤᠢ︖
8 ᠡᠳᠡᠭᠡᠷ ᠢ ᠪᠢ ᠬᠥᠮᠦᠨ ᠦ ᠦᠵᠡᠯ ᠰᠠᠨᠠᠭ᠎ᠠ ᠪᠠᠷ ᠶᠠᠷᠢᠵᠤ ᠪᠠᠢᠨ᠎ᠠ ᠤᠤ︖ ᠬᠠᠤᠯᠢ ᠳᠤ ᠴᠤ ᠡᠢᠮᠦ ᠦᠭᠡ ᠪᠠᠢᠳᠠᠭ ᠪᠤᠰᠤ ᠤᠤ︖ 9 ᠮᠣᠰᠧ ᠶᠢᠨ ᠬᠠᠤᠯᠢ ᠳᠤ᠄ 《ᠲᠠᠷᠢᠶ᠎ᠠ ᠦᠲᠦᠷᠮᠡᠳᠡᠵᠦ ᠪᠤᠢ ᠦᠬᠡᠷ ᠦᠨ ᠠᠮᠠᠨ ᠳᠤ ᠲᠣᠷᠣᠮᠳᠣᠭ ᠪᠦᠦ ᠵᠡᠭᠦᠯᠭᠡ》 ᠭᠡᠵᠦ ᠪᠢᠴᠢᠭᠳᠡᠭᠰᠡᠨ ᠪᠠᠢᠳᠠᠭ᠃ ᠪᠤᠷᠬᠠᠨ ᠦᠬᠡᠷ ᠦᠨ ᠲᠥᠯᠥᠭᠡ ᠰᠠᠨᠠᠭ᠎ᠠ ᠲᠠᠯᠪᠢᠭᠰᠠᠨ ᠳᠠᠭᠠᠨ ᠪᠢᠰᠢ᠂ 10 ᠭᠠᠷᠴᠠᠭ᠎ᠠ ᠦᠭᠡᠢ ᠪᠢᠳᠡᠨ ᠦ ᠲᠥᠯᠥᠭᠡ ᠬᠡᠯᠡᠭᠰᠡᠨ ᠪᠢᠰᠢ ᠤᠤ︖ ᠯᠠᠪ ᠪᠢᠳᠡᠨ ᠦ ᠲᠥᠯᠥᠭᠡ ᠪᠢᠴᠢᠭᠳᠡᠭᠰᠡᠨ ᠶᠤᠮ᠃ ᠬᠠᠭᠠᠯᠪᠤᠷᠢᠯᠠᠭᠴᠢ ᠨᠢ ᠴᠤ᠂ ᠦᠲᠦᠷᠮ᠎ᠡ ᠠᠪᠤᠭᠴᠢ ᠨᠢ ᠴᠤ ᠬᠤᠷᠢᠶᠠᠯᠲᠠ ᠶᠢᠨ ᠬᠤᠪᠢᠲᠠᠨ ᠪᠣᠯᠬᠤ ᠡᠷᠡᠮᠡᠯᠵᠡᠯ ᠲᠡᠢ ᠪᠠᠷ ᠠᠵᠢᠯᠯᠠᠬᠤ ᠨᠢ ᠮᠡᠳᠡᠭᠡᠵᠢ᠃ 11 ᠪᠢᠳᠡ ᠲᠠ ᠨᠠᠷ ᠲᠤ ᠰᠦᠨᠡᠰᠦᠯᠢᠭ ᠵᠦᠢᠯᠡᠰ ᠢ ᠲᠠᠷᠢᠭᠰᠠᠨ ᠪᠣᠯ᠂ ᠲᠠ ᠨᠠᠷ ᠠᠴᠠ ᠪᠣᠳᠠᠰ ᠤᠨ ᠵᠦᠢᠯᠡᠰ ᠢ ᠬᠤᠷᠢᠶᠠᠬᠤ ᠨᠢ ᠳᠡᠩᠳᠡᠭᠦᠦ ᠭᠡᠵᠢ ᠤᠤ︖ 12 ᠬᠡᠷᠪᠡ ᠪᠤᠰᠤᠳ ᠬᠥᠮᠦᠨ ᠲᠠ ᠨᠠᠷ ᠳᠡᠭᠡᠷ᠎ᠡ ᠲᠡᠢᠮᠦ ᠡᠷᠬᠡ ᠶᠢ ᠡᠳ᠋ᠯᠡᠳᠡᠭ ᠪᠣᠯ ᠪᠢᠳᠡ ᠨᠡᠩ ᠢᠯᠡᠭᠦᠦ ᠪᠢᠰᠢ ᠤᠤ︖
13 ᠠᠷᠢᠭᠤᠨ ᠣᠷᠳᠣᠨ ᠳᠤ ᠠᠵᠢᠯᠯᠠᠭᠴᠢ ᠨᠢ ᠣᠷᠳᠣᠨ ᠠᠴᠠ ᠢᠳᠡᠬᠦ ᠶᠠᠭᠤᠮ᠎ᠠ ᠪᠠᠨ ᠠᠪᠴᠤ᠂ ᠲᠠᠬᠢᠯ ᠤᠨ ᠰᠢᠷᠡᠭᠡᠨ ᠦ ᠦᠢᠯᠡᠴᠢᠯᠡᠭᠴᠢ ᠨᠢ ᠰᠢᠷᠡᠭᠡᠨ ᠡᠴᠡ ᠬᠤᠪᠢ ᠪᠠᠨ ᠬᠦᠷᠲᠡᠳᠡᠭ ᠢ ᠲᠠ ᠨᠠᠷ ᠮᠡᠳᠡᠬᠦ ᠦᠭᠡᠢ ᠭᠡᠵᠢ ᠤᠤ︖ 14 ᠲᠡᠢᠮᠦ ᠡᠴᠡ ᠡᠵᠡᠨ ᠴᠤ ᠪᠠᠶᠠᠷ ᠤᠨ ᠮᠡᠳᠡᠭᠡ ᠳᠡᠯᠭᠡᠷᠡᠭᠦᠯᠦᠭᠴᠢ ᠨᠢ ᠪᠠᠶᠠᠷ ᠤᠨ ᠮᠡᠳᠡᠭᠡ ᠪᠡᠷ ᠠᠮᠢᠳᠤᠷᠠᠭᠲᠤᠨ ᠭᠡᠵᠦ ᠵᠠᠬᠢᠭᠰᠠᠨ ᠪᠠᠢᠳᠠᠭ᠃
15 ᠭᠡᠪᠡᠴᠦ ᠪᠢ ᠡᠢᠮᠦ ᠡᠷᠬᠡ ᠶᠢ ᠥᠴᠦᠬᠡᠨ ᠴᠤ ᠡᠳ᠋ᠯᠡᠭᠡ ᠦᠭᠡᠢ᠃ ᠮᠥᠨ ᠡᠢᠮᠦ ᠡᠷᠬᠡ ᠨᠠᠳᠠ ᠳᠤ ᠪᠠᠢᠭᠠᠰᠠᠢ ᠭᠡᠰᠡᠨ ᠳᠡᠭᠡᠨ ᠡᠭᠦᠨ ᠢ ᠪᠢᠴᠢᠭᠰᠡᠨ ᠪᠢᠰᠢ᠂ ᠪᠢ ᠡᠨᠡ ᠰᠠᠢᠷᠬᠠᠯ ᠢᠶᠠᠨ ᠬᠡᠨ ᠨᠢᠭᠡᠨ ᠢᠶᠡᠷ ᠪᠠᠯᠠᠯᠠᠭᠤᠯᠬᠤ ᠶᠢᠨ ᠣᠷᠣᠨ ᠳᠤ ᠥᠪᠡᠷ ᠢᠶᠡᠨ ᠦᠬᠦᠭᠰᠡᠨ ᠨᠢ ᠳᠡᠭᠡᠷ᠎ᠡ ᠶᠤᠮ᠃ 16 ᠪᠠᠶᠠᠷ ᠤᠨ ᠮᠡᠳᠡᠭᠡ ᠶᠢ ᠳᠡᠯᠭᠡᠷᠡᠭᠦᠯᠦᠭᠰᠡᠨ ᠴᠤ ᠨᠠᠳᠠ ᠳᠤ ᠰᠠᠢᠷᠬᠠᠯ ᠪᠠᠢᠬᠤ ᠦᠭᠡᠢ᠂ ᠤᠴᠢᠷ ᠨᠢ᠂ ᠲᠡᠷᠡ ᠪᠣᠯ ᠮᠢᠨᠦ ᠵᠠᠢᠯᠠᠰᠢ ᠦᠭᠡᠢ ᠡᠭᠦᠷᠭᠡ᠂ ᠬᠡᠷᠪᠡ ᠪᠠᠶᠠᠷ ᠤᠨ ᠮᠡᠳᠡᠭᠡ ᠳᠡᠯᠭᠡᠷᠡᠭᠦᠯᠬᠦ ᠦᠭᠡᠢ ᠪᠣᠯ ᠨᠠᠳᠠ ᠳᠤ ᠭᠠᠢ ᠪᠣᠯᠣᠨ᠎ᠠ᠃ 17 ᠰᠠᠢᠨ ᠳᠤᠷ᠎ᠠ ᠠᠴᠠ ᠪᠠᠨ ᠳᠡᠯᠭᠡᠷᠡᠭᠦᠯᠪᠡᠯ ᠪᠢ ᠱᠠᠩᠨᠠᠯ ᠬᠦᠷᠲᠡᠨ᠎ᠡ᠂ ᠬᠠᠷᠢᠨ ᠰᠠᠢᠨ ᠳᠤᠷ᠎ᠠ ᠶᠢᠨ ᠪᠢᠰᠢ᠂ ᠨᠠᠳᠠ ᠳᠤ ᠲᠤᠰᠢᠶᠠᠭᠳᠠᠭᠰᠠᠨ ᠡᠭᠦᠷᠭᠡ ᠪᠡᠷ ᠶᠤᠮ ᠪᠣᠯ 18 ᠮᠢᠨᠦ ᠱᠠᠩᠨᠠᠯ ᠨᠢ ᠶᠠᠭᠤ ᠪᠤᠢ︖ ᠭᠡᠪᠡᠯ᠂ ᠳᠡᠯᠭᠡᠷᠡᠭᠦᠯᠦᠭᠴᠢ ᠶᠢᠨ ᠡᠷᠬᠡ ᠶᠢ ᠦᠯᠦ ᠡᠳ᠋ᠯᠡᠨ ᠦᠨ᠎ᠡ ᠲᠥᠯᠥᠪᠥᠷᠢ ᠦᠭᠡᠢ ᠪᠠᠷ ᠪᠠᠶᠠᠷ ᠤᠨ ᠮᠡᠳᠡᠭᠡ ᠳᠡᠯᠭᠡᠷᠡᠭᠦᠯᠬᠦ ᠶᠠᠪᠤᠳᠠᠯ ᠪᠣᠯᠣᠨ᠎ᠠ᠃
19 ᠪᠢ ᠪᠦᠬᠦᠨ ᠡᠴᠡ ᠡᠷᠬᠡ ᠴᠢᠯᠥᠭᠡᠲᠡᠢ ᠪᠣᠯᠪᠠᠴᠤ ᠨᠡᠩ ᠣᠯᠠᠨ ᠬᠥᠮᠦᠨ ᠢ ᠣᠯᠬᠤ ᠶᠢᠨ ᠲᠤᠯᠠᠳᠠ ᠠᠯᠢᠪᠠ ᠬᠥᠮᠦᠨ ᠦ ᠪᠣᠭᠣᠯ ᠪᠣᠯᠣᠭᠰᠠᠨ ᠶᠤᠮ᠃ 20 ᠪᠢ ᠶᠦᠳᠠᠢᠴᠤᠳ ᠢ ᠣᠯᠬᠤ ᠶᠢᠨ ᠲᠤᠯᠠᠳᠠ ᠲᠡᠳᠡᠨ ᠦ ᠬᠤᠪᠢ ᠳᠤ ᠶᠦᠳᠠᠢ ᠬᠥᠮᠦᠨ ᠮᠡᠲᠦ᠂ ᠬᠠᠤᠯᠢ ᠶᠢᠨ ᠳᠣᠣᠷᠠᠬᠢ ᠬᠥᠮᠦᠰ ᠢ ᠣᠯᠬᠤ ᠶᠢᠨ ᠲᠤᠯᠠᠳᠠ ᠥᠪᠡᠷ ᠢᠶᠡᠨ ᠬᠠᠤᠯᠢ ᠶᠢᠨ ᠳᠣᠣᠷᠠᠬᠢ ᠬᠥᠮᠦᠨ ᠪᠢᠰᠢ ᠪᠠᠢᠭᠰᠠᠨ ᠴᠤ ᠲᠡᠳᠡᠨ ᠦ ᠬᠤᠪᠢ ᠳᠤ ᠬᠠᠤᠯᠢ ᠶᠢᠨ ᠳᠣᠣᠷᠠᠬᠢ ᠬᠥᠮᠦᠨ ᠮᠡᠲᠦ᠂ 21 ᠬᠠᠤᠯᠢ ᠦᠭᠡᠢ ᠬᠥᠮᠦᠰ ᠢ ᠣᠯᠬᠤ ᠶᠢᠨ ᠲᠤᠯᠠᠳᠠ ᠥᠪᠡᠷ ᠢᠶᠡᠨ ᠪᠤᠷᠬᠠᠨ ᠤ ᠬᠠᠤᠯᠢ ᠦᠭᠡᠢ ᠪᠢᠰᠢ᠂ ᠬᠠᠷᠢᠨ ᠾᠷᠢᠰᠲ᠋ᠣᠰ ᠤᠨ ᠬᠠᠤᠯᠢ ᠲᠠᠢ ᠪᠠᠢᠭᠰᠠᠨ ᠴᠤ ᠲᠡᠳᠡᠨ ᠦ ᠬᠤᠪᠢ ᠳᠤ ᠬᠠᠤᠯᠢ ᠦᠭᠡᠢ ᠬᠥᠮᠦᠨ ᠮᠡᠲᠦ ᠪᠣᠯᠣᠯ᠎ᠠ᠃ 22 ᠰᠤᠯᠠ ᠳᠣᠷᠣᠢ ᠬᠥᠮᠦᠰ ᠢ ᠣᠯᠬᠤ ᠶᠢᠨ ᠲᠤᠯᠠᠳᠠ ᠪᠢ ᠲᠡᠳᠡᠨ ᠦ ᠬᠤᠪᠢ ᠳᠤ ᠰᠤᠯᠠ ᠳᠣᠷᠣᠢ ᠪᠣᠯᠣᠭᠰᠠᠨ᠂ ᠪᠢ ᠶᠠᠮᠠᠷ ᠶᠠᠩᠵᠤ ᠶᠢᠨ ᠬᠥᠮᠦᠨ ᠳᠦ ᠲᠡᠷᠡ ᠶᠠᠩᠵᠤ ᠶᠢᠨ ᠬᠥᠮᠦᠨ ᠪᠣᠯᠣᠭᠰᠠᠨ ᠨᠢ ᠲᠡᠷᠡ ᠶᠠᠩᠵᠤ ᠪᠠᠷ ᠵᠠᠷᠢᠮ ᠢ ᠨᠢ ᠴᠤ ᠭᠡᠰᠡᠨ ᠠᠪᠤᠷᠠᠬᠤ ᠶᠢᠨ ᠲᠤᠯᠠᠳᠠ ᠶᠤᠮ᠃ 23 ᠪᠠᠶᠠᠷ ᠤᠨ ᠮᠡᠳᠡᠭᠡᠨ ᠦ ᠲᠥᠯᠥᠭᠡ ᠶᠠᠩᠵᠤ ᠪᠦᠷᠢ ᠶᠢ ᠦᠢᠯᠡᠳᠳᠡᠭ ᠮᠢᠨᠢ ᠪᠠᠶᠠᠷ ᠤᠨ ᠮᠡᠳᠡᠭᠡᠨ ᠦ ᠬᠤᠪᠢ ᠶᠢ ᠬᠤᠪᠢᠶᠠᠯᠴᠠᠭᠴᠢ ᠪᠣᠯᠬᠤ ᠶᠢᠨ ᠲᠤᠯᠠᠳᠠ ᠶᠤᠮ᠃
24 ᠣᠷᠣᠯᠳᠤᠭᠠᠨ ᠳᠤ ᠪᠦᠭᠦᠳᠡᠭᠡᠷ ᠢᠶᠡᠨ ᠭᠦᠶᠦᠳᠡᠭ ᠴᠤ ᠱᠠᠩᠨᠠᠯ ᠬᠦᠷᠲᠡᠳᠡᠭ ᠨᠢ ᠭᠠᠭᠴᠠᠬᠠᠨ ᠪᠠᠢᠳᠠᠭ ᠢ ᠲᠠ ᠨᠠᠷ ᠮᠡᠳᠡᠬᠦ ᠦᠭᠡᠢ ᠤᠤ︖ ᠲᠠ ᠨᠠᠷ ᠴᠤ ᠱᠠᠩᠨᠠᠭᠳᠠᠬᠤ ᠶᠢᠨ ᠲᠥᠯᠥᠭᠡ ᠭᠦᠶᠦᠭᠲᠦᠨ᠃ 25 ᠲᠠᠮᠢᠷᠴᠢᠨ ᠪᠣᠯᠭᠠᠨ ᠶᠠᠩᠵᠤ ᠪᠦᠷᠢ ᠶᠢ ᠴᠡᠭᠡᠷᠯᠡᠳᠡᠭ᠃ ᠲᠡᠳᠡ ᠢᠯᠵᠢᠷᠡᠬᠦ ᠲᠢᠲᠢᠮ ᠣᠯᠬᠤ ᠶᠢᠨ ᠲᠤᠯᠠᠳᠠ ᠬᠢᠴᠢᠶᠡᠳᠡᠭ ᠪᠣᠯ᠂ ᠪᠢᠳᠡ ᠢᠯᠵᠢᠷᠡᠰᠢ ᠦᠭᠡᠢ ᠲᠢᠲᠢᠮ ᠢ ᠣᠯᠬᠤ ᠶᠢᠨ ᠲᠤᠯᠠᠳᠠ ᠬᠢᠴᠢᠶᠡᠳᠡᠭ ᠶᠤᠮ᠃ 26 ᠲᠡᠢᠮᠦ ᠡᠴᠡ ᠪᠢ ᠵᠣᠷᠢᠯᠭ᠎ᠠ ᠦᠭᠡᠢ ᠮᠡᠲᠦ ᠭᠦᠶᠦᠳᠡᠭ ᠦᠭᠡᠢ᠂ ᠬᠣᠭᠣᠰᠣᠨ ᠢ ᠴᠣᠬᠢᠬᠤ ᠮᠡᠲᠦ ᠨᠢᠳᠤᠷᠭᠠᠳᠤᠳᠠᠭ ᠦᠭᠡᠢ᠃ 27 ᠬᠠᠷᠢᠨ ᠪᠢ ᠮᠢᠬᠠᠨ ᠪᠡᠶ᠎ᠡ ᠪᠡᠨ ᠴᠢᠩᠭ᠍᠎ᠠ ᠪᠠᠷ ᠳᠠᠰᠬᠠᠯᠵᠢᠭᠤᠯᠵᠤ ᠥᠪᠡᠷ ᠦᠨ ᠵᠠᠷᠤᠴᠠ ᠮᠡᠲᠦ ᠪᠣᠯᠭᠠᠳᠠᠭ᠂ ᠡᠰᠡ ᠲᠡᠭᠡᠪᠡᠯ ᠪᠤᠰᠤᠳ ᠲᠤ ᠨᠣᠮᠯᠠᠴᠢᠬᠠᠭᠠᠳ ᠥᠪᠡᠷ ᠢᠶᠡᠨ ᠬᠠᠶᠠᠭᠳᠠᠬᠤ ᠪᠤᠢ᠃