ᠨᠢᠭᠡᠳᠦᠭᠡᠷ ᠺᠣᠷᠢᠨᠲ ᠠᠷᠪᠠᠨ ᠲᠠᠪᠤ
ᠳᠠᠬᠢᠨ ᠠᠮᠢᠯᠠᠯᠲᠠ ᠳᠠᠬᠢᠨ ᠠᠮᠢᠯᠠᠯᠲᠠ ᠶᠢᠨ ᠪᠠᠲᠤᠯᠠᠭ᠎ᠠ
1 ᠠᠬ᠎ᠠ ᠳᠡᠭᠦᠦ ᠨᠠᠷ ᠡ᠂ ᠲᠠ ᠨᠠᠷ ᠲᠤ ᠤᠯᠠᠮᠵᠢᠯᠠᠭᠰᠠᠨ ᠪᠠᠶᠠᠷ ᠤᠨ ᠮᠡᠳᠡᠭᠡ ᠪᠡᠨ ᠪᠢ ᠳᠠᠬᠢᠨ ᠰᠠᠨᠠᠭᠤᠯᠤᠶ᠎ᠠ᠃ ᠡᠭᠦᠨ ᠢ ᠲᠠ ᠨᠠᠷ ᠬᠦᠯᠢᠶᠡᠨ ᠠᠪᠤᠭᠰᠠᠨ ᠪᠥᠭᠡᠳ ᠲᠡᠭᠦᠨ ᠦ ᠳᠣᠲᠣᠷ᠎ᠠ ᠵᠣᠭᠰᠣᠵᠤ ᠪᠠᠢᠨ᠎ᠠ᠃ 2 ᠮᠢᠨᠦ ᠲᠠ ᠨᠠᠷ ᠲᠤ ᠤᠯᠠᠮᠵᠢᠯᠠᠵᠤ ᠥᠭᠭᠥᠭᠰᠡᠨ ᠦᠭᠡ ᠶᠢ ᠬᠣᠭᠣᠰᠣᠨ ᠢᠲᠡᠭᠡᠭᠰᠡᠨ ᠪᠤᠰᠤ᠂ ᠪᠠᠷᠢᠮᠲᠠᠯᠠᠭᠰᠠᠭᠠᠷ ᠪᠠᠢᠭ᠎ᠠ ᠪᠣᠯ ᠲᠠ ᠨᠠᠷ ᠡᠨᠡ ᠪᠠᠶᠠᠷ ᠤᠨ ᠮᠡᠳᠡᠭᠡ ᠪᠡᠷ ᠠᠪᠤᠷᠠᠭᠳᠠᠨ᠎ᠠ᠃
3 ᠪᠢ ᠬᠦᠯᠢᠶᠡᠵᠦ ᠠᠪᠤᠭᠰᠠᠨ ᠤ ᠪᠠᠨ ᠬᠠᠮᠤᠭ ᠤᠨ ᠴᠢᠬᠤᠯᠠ ᠶᠢ ᠲᠠ ᠨᠠᠷ ᠲᠤ ᠳᠠᠮᠵᠢᠭᠤᠯᠤᠭᠰᠠᠨ ᠪᠢᠯᠡ᠃ ᠲᠤᠬᠠᠢᠯᠠᠪᠠᠯ᠂ ᠠᠷᠢᠭᠤᠨ ᠨᠣᠮ ᠤᠨ ᠶᠣᠰᠣᠭᠠᠷ ᠾᠷᠢᠰᠲ᠋ᠣᠰ ᠪᠢᠳᠡᠨ ᠦ ᠭᠡᠮ ᠨᠢᠭᠦᠯ ᠦᠨ ᠲᠥᠯᠥᠭᠡ ᠦᠷᠡᠭᠳᠡᠵᠦ 4 ᠪᠤᠯᠠᠰᠢᠯᠠᠭᠳᠠᠭᠠᠳ᠂ ᠠᠷᠢᠭᠤᠨ ᠨᠣᠮ ᠤᠨ ᠶᠣᠰᠣᠭᠠᠷ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠭᠤᠯᠤᠭᠳᠠᠭᠰᠠᠨ ᠪᠥᠭᠡᠳ 5 ᠤᠷᠢᠳᠠᠪᠠᠷ ᠺᠧᠹᠠ 12 ᠳᠤ᠂ ᠳᠠᠷᠠᠭ᠎ᠠ ᠨᠢ ᠠᠷᠪᠠᠨ ᠬᠣᠶᠠᠷ ᠲᠠᠭᠠᠨ ᠦᠵᠡᠭᠳᠡᠭᠰᠡᠨ᠃ 6 ᠳᠠᠷᠠᠭ᠎ᠠ ᠨᠢ ᠾᠷᠢᠰᠲ᠋ᠣᠰ ᠨᠢᠭᠡ ᠳᠣᠣᠷ᠎ᠠ ᠲᠠᠪᠤᠨ ᠵᠠᠭᠤ ᠭᠠᠷᠤᠢ ᠠᠬ᠎ᠠ ᠳᠡᠭᠦᠦ ᠳᠦ ᠦᠵᠡᠭᠳᠡᠵᠡᠢ᠃ ᠲᠡᠳᠡᠨ ᠦ ᠵᠠᠷᠢᠮ ᠨᠢ ᠨᠣᠢᠷᠰᠣᠭᠰᠠᠨ ᠪᠣᠯᠪᠠᠴᠤ ᠣᠯᠠᠩᠬᠢ ᠨᠢ ᠣᠳᠣ ᠪᠣᠯᠲᠠᠯ᠎ᠠ ᠠᠮᠢᠳᠤ ᠪᠠᠢᠨ᠎ᠠ᠃ 7 ᠳᠠᠷᠠᠭ᠎ᠠ ᠪᠠᠷ ᠨᠢ ᠶᠠᠺᠣᠪ ᠲᠤ᠂ ᠳᠠᠷᠠᠭ᠎ᠠ ᠨᠢ ᠪᠦᠬᠦ ᠰᠢᠳᠠᠷ ᠱᠠᠪᠢ ᠳᠤ ᠴᠤ ᠦᠵᠡᠭᠳᠡᠭᠰᠡᠨ ᠶᠤᠮ᠃ 8 ᠬᠠᠮᠤᠭ ᠤᠨ ᠰᠡᠭᠦᠯ ᠳᠦᠨᠢ᠂ ᠳᠤᠲᠠᠭᠤ ᠲᠥᠷᠥᠭᠰᠡᠨ ᠮᠡᠲᠦ ᠨᠠᠳᠠ ᠳᠤ ᠴᠤ ᠦᠵᠡᠭᠳᠡᠭᠰᠡᠨ ᠪᠢᠯᠡ᠃ 9 ᠪᠢ ᠰᠢᠳᠠᠷ ᠱᠠᠪᠢ ᠨᠠᠷ ᠤᠨ ᠳᠤᠮᠳᠠ ᠠᠴᠠ ᠬᠠᠮᠤᠭ ᠤᠨ ᠥᠴᠦᠬᠡᠨ ᠨᠢ ᠪᠥᠭᠡᠳ ᠪᠤᠷᠬᠠᠨ ᠤ ᠴᠢᠭᠤᠯᠭᠠᠨ ᠢ ᠬᠠᠪᠴᠢᠵᠤ ᠪᠠᠢᠭᠰᠠᠨ ᠲᠤᠯᠠ ᠰᠢᠳᠠᠷ ᠱᠠᠪᠢ ᠭᠡᠵᠦ ᠨᠡᠷᠡᠯᠡᠭᠳᠡᠬᠦ ᠵᠣᠬᠢᠰ ᠦᠭᠡᠢ᠃ 10 ᠬᠠᠷᠢᠨ ᠪᠤᠷᠬᠠᠨ ᠤ ᠢᠪᠡᠭᠡᠯ ᠢᠶᠡᠷ ᠪᠢ ᠡᠢᠮᠦ ᠪᠣᠯᠣᠯ᠎ᠠ᠃ ᠨᠠᠳᠠ ᠳᠤ ᠰᠣᠶᠣᠷᠬᠠᠭᠰᠠᠨ ᠲᠡᠭᠦᠨ ᠦ ᠢᠪᠡᠭᠡᠯ ᠬᠣᠭᠣᠰᠣᠨ ᠪᠣᠯᠣᠭ᠎ᠠ ᠦᠭᠡᠢ᠃ ᠪᠢ ᠲᠡᠳᠡ ᠪᠦᠭᠦᠳᠡ ᠡᠴᠡ ᠨᠡᠩ ᠢᠯᠡᠭᠦᠦ ᠠᠵᠢᠯ ᠬᠢᠭᠰᠡᠨ᠂ ᠬᠠᠷᠢᠨ ᠡᠭᠦᠨ ᠢ ᠪᠢ ᠪᠢᠰᠢ᠂ ᠨᠠᠳᠠ ᠲᠠᠢ ᠬᠠᠮᠲᠤ ᠪᠠᠢᠳᠠᠭ ᠪᠤᠷᠬᠠᠨ ᠤ ᠢᠪᠡᠭᠡᠯ ᠬᠢᠵᠡᠢ᠃ 11 ᠪᠢ ᠴᠤ ᠭᠡᠰᠡᠨ᠂ ᠲᠡᠳᠡ ᠴᠤ ᠭᠡᠰᠡᠨ᠂ ᠢᠩᠭᠢᠵᠦ ᠲᠤᠩ᠋ᠬᠠᠭᠯᠠᠵᠤ ᠲᠠ ᠨᠠᠷ ᠢᠩᠭᠢᠵᠦ ᠢᠲᠡᠭᠡᠭᠰᠡᠨ᠃
12 ᠾᠷᠢᠰᠲ᠋ᠣᠰ ᠢ ᠦᠬᠦᠭᠰᠡᠳ ᠦᠨ ᠳᠤᠮᠳᠠ ᠠᠴᠠ ᠠᠮᠢᠯᠠᠭᠰᠠᠨ ᠭᠡᠵᠦ ᠲᠤᠩ᠋ᠬᠠᠯᠠᠭᠰᠠᠨ ᠪᠠᠢᠲᠠᠯ᠎ᠠ ᠲᠠ ᠨᠠᠷ ᠤᠨ ᠵᠠᠷᠢᠮ ᠨᠢ ᠶᠠᠭᠤᠨ ᠳᠤ ᠦᠬᠦᠭᠰᠡᠳ ᠦᠨ ᠠᠮᠢᠯᠠᠯᠲᠠ ᠭᠡᠵᠦ ᠦᠭᠡᠢ ᠬᠡᠮᠡᠨ ᠬᠡᠯᠡᠳᠡᠭ ᠪᠤᠢ︖ 13 ᠬᠡᠷᠪᠡ ᠦᠬᠦᠭᠰᠡᠳ ᠦᠨ ᠠᠮᠢᠯᠠᠯᠲᠠ ᠪᠠᠢᠬᠤ ᠦᠭᠡᠢ ᠶᠤᠮ ᠪᠣᠯ᠂ ᠾᠷᠢᠰᠲ᠋ᠣᠰ ᠴᠤ ᠠᠮᠢᠯᠠᠬᠤ ᠦᠭᠡᠢ ᠪᠠᠢᠭᠰᠠᠨ᠃ 14 ᠬᠡᠷᠪᠡ ᠾᠷᠢᠰᠲ᠋ᠣᠰ ᠠᠮᠢᠯᠠᠭ᠎ᠠ ᠦᠭᠡᠢ ᠪᠠᠢᠭᠰᠠᠨ ᠪᠣᠯ ᠪᠢᠳᠡᠨ ᠦ ᠲᠤᠩ᠋ᠬᠠᠭ ᠳᠡᠮᠡᠢ ᠪᠥᠭᠡᠳ ᠲᠠ ᠨᠠᠷ ᠤᠨ ᠢᠲᠡᠭᠡᠯ ᠴᠤ ᠳᠡᠮᠡᠢ ᠪᠣᠯᠣᠨ᠎ᠠ᠃ 15 ᠬᠡᠷᠪᠡ ᠦᠬᠦᠭᠰᠡᠳ ᠠᠮᠢᠯᠠᠬᠤ ᠦᠭᠡᠢ ᠪᠠᠢᠭᠰᠠᠨ ᠪᠣᠯ᠂ ᠪᠤᠷᠬᠠᠨ ᠤ ᠠᠮᠢᠯᠠᠭᠤᠯᠤᠭᠰᠠᠨ ᠦᠭᠡᠢ ᠾᠷᠢᠰᠲ᠋ᠣᠰ ᠢ ᠪᠢᠳᠡ ᠪᠤᠷᠬᠠᠨ ᠠᠮᠢᠯᠠᠭᠤᠯᠤᠭᠰᠠᠨ ᠭᠡᠵᠦ ᠭᠡᠷᠡᠴᠢᠯᠡᠭᠰᠡᠨ ᠢᠶᠡᠷ ᠢᠶᠠᠨ ᠪᠤᠷᠬᠠᠨ ᠤ ᠲᠤᠬᠠᠢ ᠬᠠᠭᠤᠷᠮᠠᠭ ᠭᠡᠷᠡᠴᠢᠯᠡᠭᠴᠢᠳ ᠪᠣᠯᠬᠤ ᠪᠣᠯᠣᠨ᠎ᠠ᠃ 16 ᠦᠬᠦᠭᠰᠡᠳ ᠠᠮᠢᠯᠠᠬᠤ ᠦᠭᠡᠢ ᠶᠤᠮ ᠪᠣᠯ᠂ ᠾᠷᠢᠰᠲ᠋ᠣᠰ ᠴᠤ ᠠᠮᠢᠯᠠᠬᠤ ᠦᠭᠡᠢ ᠪᠠᠢᠭᠰᠠᠨ᠃ 17 ᠬᠡᠷᠪᠡ ᠾᠷᠢᠰᠲ᠋ᠣᠰ ᠠᠮᠢᠯᠠᠭ᠎ᠠ ᠦᠭᠡᠢ ᠪᠠᠢᠭᠰᠠᠨ ᠪᠣᠯ᠂ ᠲᠠ ᠨᠠᠷ ᠤᠨ ᠢᠲᠡᠭᠡᠯ ᠬᠡᠷᠡᠭ ᠦᠭᠡᠢ ᠪᠥᠭᠡᠳ ᠲᠠ ᠨᠠᠷ ᠮᠥᠨ ᠯᠠ ᠭᠡᠮ ᠨᠢᠭᠦᠯ ᠦᠨ ᠢᠶᠠᠨ ᠳᠣᠲᠣᠷ᠎ᠠ ᠪᠠᠢᠭᠰᠠᠭᠠᠷ ᠪᠠᠢᠬᠤ ᠶᠤᠮ᠃ 18 ᠲᠡᠭᠡᠪᠡᠯ ᠾᠷᠢᠰᠲ᠋ᠣᠰ ᠤᠨ ᠳᠣᠲᠣᠷ᠎ᠠ ᠨᠣᠢᠷᠰᠣᠭᠰᠠᠳ ᠴᠤ ᠰᠥᠨᠥᠬᠦ ᠪᠠᠢᠭᠰᠠᠨ᠃ 19 ᠬᠡᠷᠪᠡ ᠡᠨᠡ ᠨᠠᠰᠤ ᠪᠠᠨ ᠯᠠ ᠾᠷᠢᠰᠲ᠋ᠣᠰ ᠲᠤ ᠨᠠᠢᠳᠠᠭᠰᠠᠨ ᠪᠣᠯ᠂ ᠪᠢᠳᠡ ᠠᠯᠢᠪᠠ ᠬᠥᠮᠦᠨ ᠡᠴᠡ ᠢᠯᠡᠭᠦᠦ ᠬᠥᠭᠡᠷᠦᠬᠦᠢᠯᠡᠯᠲᠡᠢ᠃
ᠳᠠᠬᠢᠨ ᠠᠮᠢᠯᠠᠯᠲᠠ ᠶᠢᠨ ᠳᠡᠰ ᠳ᠋ᠤᠭᠠᠷ
20 ᠬᠠᠷᠢᠨ ᠾᠷᠢᠰᠲ᠋ᠣᠰ ᠦᠬᠦᠭᠰᠡᠳ ᠦᠨ ᠳᠤᠮᠳᠠ ᠠᠴᠠ ᠦᠨᠡᠬᠡᠷ ᠠᠮᠢᠯᠠᠭᠰᠠᠨ ᠪᠥᠭᠡᠳ ᠨᠣᠢᠷᠰᠣᠭᠰᠠᠳ ᠤᠨ ᠠᠩ᠋ᠬᠠᠨ ᠤ ᠦᠷ᠎ᠡ ᠵᠢᠮᠢᠰ ᠪᠣᠯᠣᠭᠰᠠᠨ᠃ 21 ᠶᠠᠭᠤ ᠭᠡᠬᠦᠯᠡᠷ᠂ ᠦᠬᠦᠯ ᠨᠢᠭᠡ ᠬᠥᠮᠦᠨ ᠢᠶᠡᠷ ᠳᠠᠮᠵᠢᠨ ᠢᠷᠡᠭᠰᠡᠨ ᠲᠡᠢ ᠠᠳᠠᠯᠢ ᠪᠠᠷ᠂ ᠦᠬᠦᠭᠰᠡᠳ ᠦᠨ ᠠᠮᠢᠯᠠᠯᠲᠠ ᠴᠤ ᠨᠢᠭᠡ ᠬᠥᠮᠦᠨ ᠢᠶᠡᠷ ᠳᠠᠮᠵᠢᠨ ᠢᠷᠡᠭᠰᠡᠨ ᠪᠢᠯᠡ᠃ 22 ᠠᠳᠠᠮ ᠤᠨ ᠳᠣᠲᠣᠷ᠎ᠠ ᠪᠦᠭᠦᠳᠡᠭᠡᠷ ᠢᠶᠡᠨ ᠦᠬᠦᠳᠡᠭ ᠮᠡᠲᠦ᠂ ᠾᠷᠢᠰᠲ᠋ᠣᠰ ᠤᠨ ᠳᠣᠲᠣᠷ᠎ᠠ ᠪᠦᠭᠦᠳᠡᠭᠡᠷ ᠢᠶᠡᠨ ᠠᠮᠢ ᠣᠯᠣᠨ᠎ᠠ᠃ 23 ᠬᠠᠷᠢᠨ ᠲᠤᠰ ᠲᠤᠰ ᠤᠨ ᠳᠠᠷᠠᠭᠠᠯᠠᠯ ᠪᠠᠢᠳᠠᠭ ᠠᠴᠠ ᠠᠩ᠋ᠬᠠᠨ ᠤ ᠦᠷ᠎ᠡ ᠵᠢᠮᠢᠰ ᠨᠢ ᠾᠷᠢᠰᠲ᠋ᠣᠰ ᠶᠤᠮ᠃ ᠳᠠᠷᠠᠭ᠎ᠠ ᠨᠢ ᠾᠷᠢᠰᠲ᠋ᠣᠰ ᠤᠨ ᠬᠢ ᠪᠣᠯᠣᠭᠰᠠᠨ ᠬᠥᠮᠦᠰ ᠲᠡᠷᠡ ᠢᠷᠡᠬᠦ ᠳᠦ ᠠᠮᠢᠯᠠᠬᠤ ᠪᠣᠯᠣᠨ᠎ᠠ᠃ 24 ᠳᠠᠷᠠᠭ᠎ᠠ ᠪᠠᠷ ᠨᠢ ᠲᠡᠭᠦᠰᠬᠡᠯ ᠢᠷᠡᠨ᠎ᠡ᠃ ᠲᠡᠷᠡ ᠦᠶ᠎ᠡ ᠳᠦ ᠾᠷᠢᠰᠲ᠋ᠣᠰ ᠠᠯᠢᠪᠠ ᠵᠠᠬᠢᠷᠤᠭᠴᠢ᠂ ᠠᠯᠢᠪᠠ ᠡᠷᠬᠡ ᠮᠡᠳᠡᠭᠴᠢ ᠪᠠ ᠬᠦᠴᠦᠲᠡᠨ ᠢ ᠤᠰᠠᠳᠬᠠᠭᠠᠳ ᠬᠠᠭᠠᠨᠴᠢᠯᠠᠯ ᠢᠶᠠᠨ ᠡᠴᠢᠭᠡ ᠪᠤᠷᠬᠠᠨ ᠳᠤ ᠲᠤᠰᠢᠶᠠᠬᠤ ᠪᠣᠯᠣᠨ᠎ᠠ᠃ 25 ᠦᠨᠡᠨ ᠳᠡᠭᠡᠨ ᠪᠤᠷᠬᠠᠨ ᠪᠦᠬᠦ ᠳᠠᠢᠰᠤᠨ ᠢ ᠬᠥᠯ ᠦᠨ ᠬᠢᠨᠢ ᠳᠣᠣᠷ᠎ᠠ ᠣᠷᠣᠭᠤᠯᠬᠤ ᠪᠣᠯᠲᠠᠯ᠎ᠠ ᠾᠷᠢᠰᠲ᠋ᠣᠰ ᠵᠠᠬᠢᠷᠬᠤ ᠶᠣᠰᠣᠲᠠᠢ᠃ 26 ᠡᠴᠦᠰ ᠲᠤᠨᠢ ᠤᠰᠠᠳᠬᠠᠭᠳᠠᠬᠤ ᠳᠠᠢᠰᠤᠨ ᠪᠣᠯ ᠦᠬᠦᠯ ᠮᠥᠨ᠃ 27 《ᠪᠤᠷᠬᠠᠨ ᠬᠠᠮᠤᠭ ᠶᠠᠭᠤᠮ᠎ᠠ ᠶᠢ ᠲᠡᠭᠦᠨ ᠦ ᠬᠥᠯ ᠦᠨ ᠳᠣᠣᠷ᠎ᠠ ᠲᠠᠯᠪᠢᠪᠠ》 ᠭᠡᠰᠡᠨ ᠶᠤᠮ᠃ ᠬᠠᠷᠢᠨ 《ᠬᠠᠮᠤᠭ ᠶᠠᠭᠤᠮ᠎ᠠ ᠳᠣᠣᠷ᠎ᠠ ᠨᠢ ᠲᠠᠯᠪᠢᠭᠳᠠᠪᠠ》 ᠭᠡᠬᠦ ᠳᠦ᠂ ᠬᠠᠮᠤᠭ ᠶᠠᠭᠤᠮ᠎ᠠ ᠶᠢ ᠲᠡᠭᠦᠨ ᠦ ᠳᠣᠣᠷ᠎ᠠ ᠲᠠᠯᠪᠢᠭᠰᠠᠨ ᠪᠤᠷᠬᠠᠨ ᠲᠡᠳᠡᠭᠡᠷ ᠦᠨ ᠳᠣᠲᠣᠷ᠎ᠠ ᠪᠠᠭᠲᠠᠬᠤ ᠦᠭᠡᠢ ᠨᠢ ᠯᠠᠪᠲᠠᠢ᠃ 28 ᠬᠠᠮᠤᠭ ᠶᠠᠭᠤᠮ᠎ᠠ ᠲᠡᠭᠦᠨ ᠦ ᠡᠷᠬᠡᠰᠢᠶᠡᠯ ᠳᠦ ᠣᠷᠣᠬᠤ ᠲᠡᠷᠡ ᠦᠶ᠎ᠡ ᠳᠦ᠂ ᠬᠠᠮᠤᠭ ᠶᠠᠭᠤᠮ᠎ᠠ ᠶᠢ ᠲᠡᠭᠦᠨ ᠦ ᠡᠷᠬᠡ ᠶᠢᠨ ᠳᠣᠣᠷ᠎ᠠ ᠣᠷᠣᠭᠤᠯᠵᠤ ᠥᠭᠭᠥᠭᠴᠢ ᠳᠤ ᠲᠡᠷᠡ ᠡᠷᠬᠡᠰᠢᠶᠡᠭᠳᠡᠨᠡ᠃ ᠲᠡᠢᠨ ᠬᠦ ᠪᠦᠬᠦᠨ ᠦ ᠳᠤᠮᠳᠠ ᠪᠤᠷᠬᠠᠨ ᠪᠦᠷᠢᠨ ᠲᠡᠭᠦᠰ ᠪᠠᠢᠬᠤ ᠪᠣᠯᠣᠨ᠎ᠠ᠃
29 ᠬᠡᠷᠪᠡ ᠠᠮᠢᠯᠠᠯᠲᠠ ᠪᠠᠢᠬᠤ ᠦᠭᠡᠢ ᠶᠤᠮ ᠪᠣᠯ ᠲᠡᠳᠡᠭᠡᠷ ᠬᠥᠮᠦᠰ ᠶᠠᠭᠤᠨ ᠤ ᠲᠥᠯᠥᠭᠡ ᠦᠬᠦᠭᠰᠡᠳ ᠦᠨ ᠡᠮᠦᠨ᠎ᠡ ᠡᠴᠡ ᠤᠬᠢᠶᠠᠯ ᠬᠦᠷᠲᠡᠳᠡᠭ ᠶᠤᠮ ᠪᠤᠢ︖ ᠦᠬᠦᠭᠰᠡᠳ ᠶᠡᠷᠦ ᠡᠴᠡ ᠠᠮᠢᠯᠠᠬᠤ ᠦᠭᠡᠢ ᠶᠤᠮ ᠪᠣᠯ᠂ ᠬᠥᠮᠦᠰ ᠶᠠᠭᠤᠨ ᠳᠤ ᠲᠡᠳᠡᠨ ᠦ ᠡᠮᠦᠨ᠎ᠡ ᠡᠴᠡ ᠤᠬᠢᠶᠠᠯ ᠬᠦᠷᠲᠡᠨ᠎ᠡ ᠪᠤᠢ︖
30 ᠪᠢᠳᠡ ᠶᠠᠭᠤᠨ ᠳᠤ ᠴᠠᠭ ᠦᠷᠭᠦᠯᠵᠢ ᠠᠶᠤᠯ ᠢ ᠰᠥᠷᠴᠦ ᠪᠠᠢᠳᠠᠭ ᠪᠤᠢ︖ 31 ᠪᠢ ᠡᠳᠦᠷ ᠪᠦᠷᠢ ᠦᠬᠦᠵᠦ ᠪᠠᠢᠨ᠎ᠠ᠃ ᠠᠬ᠎ᠠ ᠳᠡᠭᠦᠦ ᠨᠠᠷ ᠡ᠂ ᠡᠭᠦᠨ ᠢ ᠪᠢ ᠪᠢᠳᠡᠨ ᠦ ᠡᠵᠡᠨ ᠾᠷᠢᠰᠲ᠋ᠣᠰ ᠢᠰᠦ᠋ᠰ ᠤᠨ ᠳᠣᠲᠣᠷ᠎ᠠ ᠲᠠ ᠨᠠᠷ ᠢᠶᠠᠷ ᠪᠠᠬᠠᠷᠬᠠᠳᠠᠭ ᠤᠨ ᠠᠳᠠᠯᠢ ᠪᠠᠷ ᠪᠠᠲᠤᠲᠠᠢ ᠬᠡᠯᠡᠵᠦ ᠴᠢᠳᠠᠨ᠎ᠠ᠃ 32 ᠬᠡᠷᠪᠡ ᠬᠥᠮᠦᠨ ᠦ ᠶᠣᠰᠣᠭᠠᠷ ᠦᠵᠡᠪᠡᠯ ᠧᠹᠧᠰ ᠲᠤ ᠠᠷᠢᠶᠠᠲᠠᠨ ᠲᠠᠢ ᠲᠡᠮᠡᠴᠡᠭᠰᠡᠨ ᠮᠢᠨᠢ ᠨᠠᠳᠠ ᠳᠤ ᠶᠠᠮᠠᠷ ᠲᠤᠰᠠ ᠪᠣᠯᠬᠤ ᠪᠤᠢ︖ ᠬᠡᠷᠪᠡ ᠦᠬᠦᠭᠰᠡᠳ ᠠᠮᠢᠯᠠᠬᠤ ᠦᠭᠡᠢ ᠶᠤᠮ ᠪᠣᠯ 《ᠮᠠᠷᠭᠠᠰᠢ ᠦᠬᠦᠨ᠎ᠡ᠂ ᠢᠳᠡᠵᠦ ᠤᠤᠭᠤᠵᠠᠭᠠᠶ᠎ᠠ︕》 ᠭᠡᠬᠦ ᠪᠣᠯᠣᠨ᠎ᠠ᠂ 33 ᠪᠦᠦ ᠡ᠊ᠨᠳᠡᠭᠦᠷᠡ᠃ 《ᠮᠠᠭᠤ ᠨᠥᠬᠥᠳ ᠰᠠᠢᠨ ᠵᠠᠩᠰᠢᠯ ᠢ ᠡᠪᠳᠡᠨ᠎ᠡ᠃》 34 ᠲᠠ ᠨᠠᠷ ᠵᠥᠪ ᠲᠤ ᠰᠡᠷᠭᠡᠭ ᠪᠠᠢᠵᠤ᠂ ᠨᠢᠭᠦᠯ ᠦᠢᠯᠡᠳᠬᠦ ᠪᠡᠨ ᠪᠣᠯᠢ᠃ ᠲᠠ ᠨᠠᠷ ᠤᠨ ᠵᠠᠷᠢᠮ ᠨᠢ ᠪᠤᠷᠬᠠᠨ ᠤ ᠲᠤᠬᠠᠢ ᠮᠡᠳᠡᠯᠭᠡ ᠪᠠᠢᠬᠤ ᠦᠭᠡᠢ ᠪᠣᠯᠬᠣᠷ ᠪᠢ ᠲᠠ ᠨᠠᠷ ᠢ ᠢᠴᠢᠭᠡᠬᠦ ᠶᠢᠨ ᠲᠥᠯᠥᠭᠡ ᠡᠭᠦᠨ ᠢ ᠬᠡᠯᠡᠵᠦ ᠪᠠᠢᠨ᠎ᠠ᠃
ᠳᠠᠬᠢᠨ ᠠᠮᠢᠯᠠᠯᠲᠠ ᠶᠢᠨ ᠪᠡᠶ᠎ᠡ
35 ᠭᠡᠪᠡᠴᠦ ᠵᠠᠷᠢᠮ ᠨᠢ᠄ 《ᠦᠬᠦᠭᠰᠡᠳ ᠶᠠᠭᠠᠬᠢᠨ ᠠᠮᠢᠯᠠᠬᠤ ᠪᠤᠢ︖ ᠶᠠᠮᠠᠷ ᠶᠠᠩᠵᠤ ᠶᠢᠨ ᠪᠡᠶ᠎ᠡ ᠪᠡᠷ ᠢᠷᠡᠬᠦ ᠪᠤᠢ︖》 ᠭᠡᠵᠦ ᠠᠰᠠᠭᠤᠬᠤ ᠪᠣᠯᠣᠨ᠎ᠠ᠃ 36 ᠮᠤᠩ᠋ᠬᠠᠭ ᠬᠥᠮᠦᠨ ᠡ᠂ ᠲᠠᠷᠢᠭᠰᠠᠨ ᠦᠷ᠎ᠡ ᠴᠢᠨᠢ ᠦᠬᠦᠬᠦ ᠦᠭᠡᠢ ᠪᠣᠯ ᠠᠮᠢᠳᠤᠷᠠᠬᠤ ᠦᠭᠡᠢ᠃ 37 ᠴᠢᠨᠦ ᠲᠠᠷᠢᠵᠤ ᠪᠠᠢᠭ᠎ᠠ ᠨᠢ ᠢᠷᠡᠭᠡᠳᠦᠢ ᠶᠢᠨ ᠪᠡᠶ᠎ᠡ ᠨᠢ ᠪᠢᠰᠢ᠂ ᠬᠠᠷᠢᠨ ᠪᠤᠭᠤᠳᠠᠢ ᠮᠡᠲᠦ ᠶᠢᠨ ᠮᠥᠬᠥᠯᠢᠭ ᠦᠷ᠎ᠡ ᠶᠤᠮ᠃ 38 ᠭᠡᠬᠦ ᠳᠡᠭᠡᠨ ᠪᠤᠷᠬᠠᠨ ᠥᠪᠡᠷ ᠦᠨ ᠲᠠᠭᠠᠯᠠᠯ ᠢᠶᠠᠷ ᠦᠷ᠎ᠡ ᠳᠦ ᠪᠡᠶ᠎ᠡ ᠰᠣᠶᠣᠷᠬᠠᠳᠠᠭ ᠪᠥᠭᠡᠳ ᠦᠷ᠎ᠡ ᠪᠣᠯᠭᠠᠨ ᠳᠤ ᠲᠤᠰ ᠲᠤᠰ ᠤᠨ ᠬᠢᠨᠢ ᠪᠡᠶ᠎ᠡ ᠶᠢ ᠰᠣᠶᠣᠷᠬᠠᠳᠠᠭ᠃ 39 ᠮᠢᠬᠠᠨ ᠪᠡᠶ᠎ᠡ ᠪᠣᠯᠭᠠᠨ ᠥᠭᠡᠷ᠎ᠡ ᠥᠭᠡᠷ᠎ᠡ ᠪᠠᠢᠳᠠᠭ᠂ ᠬᠥᠮᠦᠨ ᠦ ᠮᠢᠬᠠᠨ ᠪᠡᠶ᠎ᠡ ᠥᠭᠡᠷ᠎ᠡ᠂ ᠠᠳᠤᠭᠤᠰᠤᠨ ᠤ ᠮᠢᠬᠠᠨ ᠪᠡᠶ᠎ᠡ ᠴᠤ ᠥᠭᠡᠷ᠎ᠡ᠂ ᠰᠢᠪᠠᠭᠤᠨ ᠤ ᠮᠢᠬᠠᠨ ᠪᠡᠶ᠎ᠡ ᠴᠤ ᠥᠭᠡᠷ᠎ᠡ᠂ ᠵᠢᠭᠠᠰᠤᠨ ᠤ ᠮᠢᠬᠠᠨ ᠪᠡᠶ᠎ᠡ ᠴᠤ ᠥᠭᠡᠷ᠎ᠡ ᠪᠢᠯᠡ᠃ 40 ᠲᠩᠷᠢᠯᠢᠭ ᠪᠡᠶᠡᠰ ᠴᠤ ᠪᠤᠢ᠂ ᠭᠠᠵᠠᠷᠯᠢᠭ ᠪᠡᠶᠡᠰ ᠴᠤ ᠪᠤᠢ᠃ ᠲᠩᠷᠢᠯᠢᠭ ᠪᠡᠶᠡᠰ ᠦᠨ ᠵᠢᠪᠬᠤᠯᠠᠩ ᠥᠭᠡᠷ᠎ᠡ᠂ ᠭᠠᠵᠠᠷᠯᠢᠭ ᠪᠡᠶᠡᠰ ᠦᠨ ᠵᠢᠪᠬᠤᠯᠠᠩ ᠴᠤ ᠥᠭᠡᠷ᠎ᠡ᠃ 41 ᠨᠠᠷᠠᠨ ᠤ ᠵᠢᠪᠬᠤᠯᠠᠩ ᠴᠤ ᠥᠭᠡᠷ᠎ᠡ᠂ ᠰᠠᠷᠠᠨ ᠤ ᠵᠢᠪᠬᠤᠯᠠᠩ ᠴᠤ ᠥᠭᠡᠷ᠎ᠡ᠂ ᠣᠳᠣᠨ ᠤ ᠵᠢᠪᠬᠤᠯᠠᠩ ᠴᠤ ᠥᠭᠡᠷ᠎ᠡ ᠪᠠᠢᠳᠠᠭ ᠪᠥᠭᠡᠳ ᠣᠳᠣ ᠨᠢᠭᠡ ᠪᠦᠷᠢ ᠶᠢᠨ ᠵᠢᠪᠬᠤᠯᠠᠩ ᠴᠤ ᠥᠭᠡᠷ᠎ᠡ ᠥᠭᠡᠷ᠎ᠡ ᠪᠠᠢᠳᠠᠭ᠃
42 ᠦᠬᠦᠭᠰᠡᠳ ᠦᠨ ᠠᠮᠢᠯᠠᠯᠲᠠ ᠴᠤ ᠡᠢᠮᠦ ᠪᠠᠢᠳᠠᠭ᠃ ᠢᠯᠵᠢᠷᠡᠬᠦ ᠪᠡᠶ᠎ᠡ ᠪᠡᠷ ᠲᠠᠷᠢᠭᠳᠠᠭᠠᠳ ᠢᠯᠵᠢᠷᠡᠰᠢ ᠦᠭᠡᠢ ᠪᠡᠶ᠎ᠡ ᠪᠡᠷ ᠠᠮᠢᠯᠠᠭᠤᠯᠤᠭᠳᠠᠨᠠ᠃ 43 ᠠᠯᠳᠠᠷ ᠰᠤᠤ ᠦᠭᠡᠢ ᠪᠠᠷ ᠲᠠᠷᠢᠭᠳᠠᠵᠤ᠂ ᠠᠯᠳᠠᠷ ᠰᠤᠤ ᠲᠠᠢ ᠪᠠᠷ ᠠᠮᠢᠯᠠᠭᠤᠯᠤᠭᠳᠠᠨᠠ᠂ ᠰᠤᠯᠠ ᠳᠣᠷᠣᠢ ᠪᠠᠷ ᠲᠠᠷᠢᠭᠳᠠᠵᠤ ᠬᠦᠴᠦ ᠴᠢᠳᠠᠯ ᠲᠠᠢ ᠪᠠᠷ ᠠᠮᠢᠯᠠᠭᠤᠯᠤᠭᠳᠠᠨᠠ᠃ 44 ᠮᠢᠬᠠᠨ ᠪᠡᠶ᠎ᠡ ᠪᠡᠷ ᠲᠠᠷᠢᠭᠳᠠᠵᠤ᠂ ᠰᠦᠨᠡᠰᠦᠯᠢᠭ ᠪᠡᠶ᠎ᠡ ᠪᠡᠷ ᠠᠮᠢᠯᠠᠭᠤᠯᠤᠭᠳᠠᠨᠠ᠃ ᠮᠢᠬᠠᠨ ᠪᠡᠶ᠎ᠡ ᠪᠠᠢᠪᠠᠯ ᠰᠦᠨᠡᠰᠦᠯᠢᠭ ᠪᠡᠶ᠎ᠡ ᠴᠤ ᠪᠠᠢᠨ᠎ᠠ᠃ 45 ᠡᠭᠦᠨ ᠦ ᠠᠳᠠᠯᠢ ᠪᠠᠷ 《ᠠᠩ᠋ᠬᠠᠨ ᠤ ᠬᠥᠮᠦᠨ ᠠᠳᠠᠮ ᠠᠮᠢᠳᠤ ᠴᠣᠭᠴᠠ ᠪᠣᠯᠣᠭᠰᠠᠨ》 ᠭᠡᠵᠦ ᠪᠢᠴᠢᠭᠳᠡᠭᠰᠡᠨ ᠪᠣᠯ᠂ ᠰᠡᠭᠦᠯᠴᠢ ᠶᠢᠨ ᠠᠳᠠᠮ ᠨᠢ ᠠᠮᠢ ᠰᠣᠶᠣᠷᠬᠠᠭᠴᠢ ᠰᠦᠨᠡᠰᠦ ᠪᠣᠯᠣᠭᠰᠠᠨ᠃ 46 ᠬᠠᠷᠢᠨ ᠲᠦᠷᠦᠭᠦᠨ ᠦ ᠬᠢᠨᠢ ᠪᠣᠯ ᠰᠦᠨᠡᠰᠦᠯᠢᠭ ᠪᠢᠰᠢ᠂ ᠮᠢᠬᠠᠨ ᠪᠡᠶ᠎ᠡ ᠪᠥᠭᠡᠳ ᠳᠠᠷᠠᠭ᠎ᠠ ᠶᠢᠨ ᠬᠢᠨᠢ ᠪᠣᠯ ᠰᠦᠨᠡᠰᠦᠯᠢᠭ ᠪᠡᠶ᠎ᠡ ᠶᠤᠮ᠃ 47 ᠲᠦᠷᠦᠭᠦᠨ ᠦ ᠬᠥᠮᠦᠨ ᠨᠢ ᠭᠠᠵᠠᠷ ᠤᠨ ᠬᠢ᠂ ᠰᠢᠷᠣᠢ ᠶᠢᠨ ᠴᠢᠨᠠᠷ ᠲᠠᠢ ᠪᠣᠯ᠂ ᠬᠣᠶᠠᠳᠤᠭᠠᠷ ᠬᠥᠮᠦᠨ ᠨᠢ ᠲᠩᠷᠢ ᠶᠢᠨ ᠬᠢ᠃ 48 ᠲᠡᠷᠡ ᠬᠦ ᠰᠢᠷᠣᠢ ᠶᠢᠨ ᠴᠢᠨᠠᠷ ᠲᠠᠢ ᠬᠥᠮᠦᠨ ᠨᠢ ᠶᠠᠮᠠᠷ ᠪᠣᠯ ᠪᠤᠰᠤᠳ ᠰᠢᠷᠣᠢ ᠶᠢᠨ ᠴᠢᠨᠠᠷ ᠲᠠᠢ ᠬᠥᠮᠦᠰ ᠴᠤ ᠲᠡᠢᠮᠦ ᠪᠠᠢᠳᠠᠭ᠃ ᠲᠡᠷᠡ ᠬᠦ ᠲᠩᠷᠢᠯᠢᠭ ᠬᠥᠮᠦᠨ ᠨᠢ ᠶᠠᠮᠠᠷ ᠪᠣᠯ ᠪᠤᠰᠤᠳ ᠲᠩᠷᠢᠯᠢᠭ ᠬᠥᠮᠦᠰ ᠴᠤ ᠲᠡᠢᠮᠦ ᠪᠠᠢᠳᠠᠭ᠃ 49 ᠪᠢᠳᠡ ᠰᠢᠷᠣᠢ ᠶᠢᠨ ᠴᠢᠨᠠᠷ ᠪᠦᠬᠦᠢ ᠬᠥᠮᠦᠨ ᠦ ᠲᠥᠷᠬᠥ ᠲᠠᠢ ᠪᠣᠯᠣᠭᠰᠠᠨ ᠮᠡᠲᠦ ᠮᠥᠨ ᠲᠩᠷᠢᠯᠢᠭ ᠬᠥᠮᠦᠨ ᠦ ᠲᠥᠷᠬᠥ ᠲᠠᠢ ᠪᠣᠯᠬᠤ ᠪᠣᠯᠣᠨ᠎ᠠ᠃
ᠳᠠᠬᠢᠨ ᠠᠮᠢᠯᠠᠯᠲᠠ ᠶᠢᠨ ᠨᠢᠭᠤᠴᠠ
50 ᠠᠬ᠎ᠠ ᠳᠡᠭᠦᠦ ᠨᠠᠷ ᠡ᠂ ᠡᠭᠦᠨ ᠢ ᠪᠢ ᠲᠠ ᠨᠠᠷ ᠲᠤ ᠬᠡᠯᠡᠶ᠎ᠡ᠄ ᠮᠢᠬ᠎ᠠ ᠴᠢᠰᠤ ᠨᠢ ᠪᠤᠷᠬᠠᠨ ᠤ ᠬᠠᠭᠠᠨᠴᠢᠯᠠᠯ ᠢ ᠥᠪᠯᠡᠵᠦ ᠴᠢᠳᠠᠬᠤ ᠦᠭᠡᠢ᠂ ᠢᠯᠵᠢᠷᠡᠬᠦ ᠨᠢ ᠦᠯᠦ ᠢᠯᠵᠢᠷᠡᠬᠦ ᠶᠢ ᠥᠪᠯᠡᠵᠦ ᠴᠢᠳᠠᠬᠤ ᠦᠭᠡᠢ ᠶᠤᠮ᠃ 51 ᠠᠩ᠋ᠬᠠᠷᠤᠭᠲᠤᠨ᠂ ᠪᠢ ᠲᠠ ᠨᠠᠷ ᠲᠤ ᠨᠢᠭᠡ ᠨᠢᠭᠤᠴᠠ ᠬᠡᠯᠡᠵᠦ ᠥᠭᠭᠥᠶ᠎ᠡ᠂ ᠪᠢᠳᠡ ᠪᠦᠭᠦᠳᠡᠭᠡᠷ ᠢᠶᠡᠨ ᠨᠣᠢᠷᠰᠣᠬᠤ ᠪᠢᠰᠢ᠂ ᠪᠦᠭᠦᠳᠡᠭᠡᠷ ᠢᠶᠡᠨ ᠬᠤᠪᠢᠯᠭᠠᠭᠳᠠᠬᠤ ᠪᠣᠯᠣᠨ᠎ᠠ᠃ 52 ᠬᠣᠷᠣᠮᠬᠠᠨ ᠵᠠᠭᠤᠷ᠎ᠠ᠂ ᠨᠢᠳᠦ ᠢᠷᠮᠡᠬᠦ ᠶᠢᠨ ᠬᠣᠭᠣᠷᠣᠨᠳᠣ ᠡᠴᠦᠰ ᠦᠨ ᠪᠦᠷᠢᠶ᠎ᠡ ᠳᠤᠤᠭᠠᠷᠬᠤ ᠪᠣᠯᠣᠯ᠎ᠠ᠃ ᠪᠦᠷᠢᠶᠡᠨ ᠳᠠᠭᠤ ᠪᠠᠷ ᠦᠬᠦᠭᠰᠡᠳ ᠢᠯᠵᠢᠷᠡᠰᠢ ᠦᠭᠡᠢ ᠪᠡᠶ᠎ᠡ ᠪᠡᠷ ᠠᠮᠢᠯᠠᠬᠤ ᠪᠥᠭᠡᠳ ᠪᠢᠳᠡ ᠴᠤ ᠮᠥᠨ ᠬᠤᠪᠢᠯᠭᠠᠭᠳᠠᠬᠤ ᠪᠣᠯᠣᠨ᠎ᠠ᠃ 53 ᠤᠴᠢᠷ ᠨᠢ᠂ ᠢᠯᠵᠢᠷᠡᠬᠦ ᠡᠨᠡ ᠪᠡᠶ᠎ᠡ ᠨᠢ ᠢᠯᠵᠢᠷᠡᠰᠢ ᠦᠭᠡᠢ ᠶᠢ ᠡᠮᠦᠰᠴᠦ᠂ ᠦᠬᠦᠬᠦ ᠡᠨᠡ ᠪᠡᠶ᠎ᠡ ᠨᠢ ᠦᠬᠦᠰᠢ ᠦᠭᠡᠢ ᠶᠢ ᠡᠮᠦᠰᠬᠦ ᠶᠣᠰᠣᠲᠠᠢ᠃ 54 ᠢᠯᠵᠢᠷᠡᠬᠦ ᠡᠨᠡ ᠪᠡᠶ᠎ᠡ ᠨᠢ ᠢᠯᠵᠢᠷᠡᠰᠢ ᠦᠭᠡᠢ ᠶᠢ ᠡᠮᠦᠰᠴᠦ᠂ ᠦᠬᠦᠬᠦ ᠡᠨᠡ ᠪᠡᠶ᠎ᠡ ᠨᠢ ᠦᠬᠦᠰᠢ ᠦᠭᠡᠢ ᠶᠢ ᠡᠮᠦᠰᠬᠦ ᠦᠶ᠎ᠡ ᠳᠦ᠂ 《ᠦᠬᠦᠯ ᠨᠢ ᠢᠯᠠᠯᠲᠠ ᠳᠤ ᠵᠠᠯᠭᠢᠭᠳᠠᠭᠰᠠᠨ᠃ 55 ᠦᠬᠦᠯ ᠡ᠂ ᠢᠯᠠᠯᠲᠠ ᠴᠢᠨᠢ ᠬᠠᠮᠢᠭ᠎ᠠ ᠪᠠᠢᠨ᠎ᠠ︖ ᠦᠬᠦᠯ ᠡ᠂ ᠥᠷᠭᠡᠰᠦ ᠴᠢᠨᠢ ᠬᠠᠮᠢᠭ᠎ᠠ ᠪᠠᠢᠨ᠎ᠠ︖》 ᠭᠡᠵᠦ ᠪᠢᠴᠢᠭᠳᠡᠭᠰᠡᠨ ᠦᠭᠡ ᠪᠡᠶᠡᠯᠡᠭᠳᠡᠬᠦ ᠪᠣᠯᠣᠨ᠎ᠠ᠃ 56 ᠦᠬᠦᠯ ᠦᠨ ᠱᠣᠷᠣ ᠨᠢ ᠨᠢᠭᠦᠯ᠂ ᠨᠢᠭᠦᠯ ᠦᠨ ᠬᠦᠴᠦ ᠨᠢ ᠬᠠᠤᠯᠢ ᠮᠥᠨ᠃ 57 ᠪᠢᠳᠡᠨ ᠦ ᠡᠵᠡᠨ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠪᠢᠳᠡᠨ ᠳᠦ ᠢᠯᠠᠯᠲᠠ ᠶᠢ ᠥᠭᠳᠡᠭ ᠪᠤᠷᠬᠠᠨ ᠳᠤ ᠲᠠᠯᠠᠷᠬᠠᠯ ᠪᠠᠢᠬᠤ ᠪᠣᠯᠲᠤᠭᠠᠢ᠃
58 ᠲᠡᠢᠮᠦ ᠡᠴᠡ ᠬᠠᠢᠷᠠᠲᠤ ᠠᠬ᠎ᠠ ᠳᠡᠭᠦᠦ ᠨᠠᠷ ᠮᠢᠨᠢ ᠡ᠂ ᠭᠤᠢᠪᠢᠰᠢ ᠦᠭᠡᠢ ᠪᠠᠷ ᠪᠠᠲᠤ ᠵᠣᠭᠰᠣᠭᠲᠤᠨ᠃ ᠡᠵᠡᠨ ᠦ ᠳᠣᠲᠣᠷᠠᠬᠢ ᠵᠦᠳᠡᠷᠡᠯ ᠴᠢᠨᠢ ᠳᠡᠮᠡᠢ ᠪᠢᠰᠢ ᠭᠡᠳᠡᠭ ᠢ ᠮᠡᠳᠡᠭᠡᠳ ᠡᠵᠡᠨ ᠦ ᠠᠵᠢᠯ ᠳᠤ ᠦᠯᠡᠮᠵᠢ ᠵᠢᠳᠬᠦᠭᠡᠷᠡᠢ᠃