ᠨᠢᠭᠡᠳᠦᠭᠡᠷ ᠺᠣᠷᠢᠨᠲ ᠭᠤᠷᠪᠠ
ᠾᠷᠢᠰᠲ᠋ᠣᠰ ᠠᠴᠠ ᠥᠭᠡᠷ᠎ᠡ ᠰᠠᠭᠤᠷᠢ ᠦᠭᠡᠢ
1 ᠠᠬ᠎ᠠ ᠳᠡᠭᠦᠦ ᠨᠠᠷ ᠡ᠂ ᠪᠢ ᠰᠦᠨᠡᠰᠦᠯᠢᠭ ᠬᠥᠮᠦᠨ ᠳᠦ ᠶᠠᠷᠢᠳᠠᠭ ᠲᠠᠢ ᠪᠠᠨ ᠠᠳᠠᠯᠢ ᠲᠠ ᠨᠠᠷ ᠲᠤ ᠶᠠᠷᠢᠵᠤ ᠴᠢᠳᠠᠭᠰᠠᠨ ᠦᠭᠡᠢ ᠤᠴᠢᠷ ᠠᠴᠠ ᠮᠢᠬᠠᠨ ᠪᠡᠶ᠎ᠡ ᠶᠢᠨ ᠬᠠᠷᠢᠶᠠᠲᠤ᠂ ᠥᠭᠡᠷ᠎ᠡ ᠪᠡᠷ ᠬᠡᠯᠡᠪᠡᠯ ᠾᠷᠢᠰᠲ᠋ᠣᠰ ᠳᠣᠲᠣᠷᠠᠬᠢ ᠪᠠᠯᠴᠢᠷ ᠬᠡᠦᠬᠡᠳ ᠲᠡᠢ ᠶᠠᠷᠢᠳᠠᠭ ᠰᠢᠭ᠋ ᠢᠶᠠᠨ ᠶᠠᠷᠢᠪᠠ᠃ 2 ᠪᠢ ᠲᠠ ᠨᠠᠷ ᠲᠤ ᠰᠦ᠋ ᠥᠭᠭᠥᠭᠰᠡᠨ᠂ ᠪᠣᠷᠣ ᠬᠣᠭᠣᠯᠠ ᠥᠭᠭᠥᠭᠡ ᠦᠭᠡᠢ᠃ ᠲᠠ ᠨᠠᠷ ᠪᠣᠷᠣ ᠬᠣᠭᠣᠯᠠ ᠶᠢ ᠳᠠᠭᠠᠭᠠᠬᠤ ᠦᠭᠡᠢ ᠪᠠᠢᠭᠰᠠᠨ᠂ ᠣᠳᠣ ᠴᠤ ᠳᠠᠭᠠᠭᠠᠬᠤ ᠦᠭᠡᠢ ᠪᠠᠢᠨ᠎ᠠ᠃ 3 ᠲᠠ ᠨᠠᠷ ᠣᠳᠣ ᠴᠤ ᠮᠢᠬᠠᠨ ᠪᠡᠶ᠎ᠡ ᠶᠢᠨ ᠬᠠᠷᠢᠶᠠᠲᠤ ᠪᠠᠢᠨ᠎ᠠ᠃ ᠲᠠ ᠨᠠᠷ ᠤᠨ ᠳᠤᠮᠳᠠ ᠠᠲᠠᠭᠠᠷᠬᠠᠯ᠂ ᠬᠡᠷᠡᠭᠦᠯ ᠪᠠᠢᠬᠤ ᠨᠢ ᠲᠠ ᠨᠠᠷ ᠮᠢᠬᠠᠨ ᠪᠡᠶ᠎ᠡ ᠶᠢᠨ ᠬᠠᠷᠢᠶᠠᠲᠤ ᠪᠠᠢᠵᠤ᠂ ᠬᠥᠮᠦᠨ ᠦ ᠶᠣᠰᠣᠭᠠᠷ ᠶᠠᠪᠤᠵᠤ ᠪᠠᠢᠭ᠎ᠠ ᠶᠢᠨ ᠴᠢᠨᠢ ᠰᠢᠨᠵᠢ ᠪᠢᠰᠢ ᠤᠤ︖ 4 ᠵᠠᠷᠢᠮ ᠨᠢ᠄ 《ᠪᠢ ᠫᠠᠦ᠋ᠯ ᠤᠨ ᠬᠢ》 ᠭᠡᠵᠦ᠂ ᠵᠠᠷᠢᠮ ᠨᠢ᠄ 《ᠪᠢ ᠠᠫᠣᠯᠣ᠋ ᠶᠢᠨ ᠬᠢ》 ᠭᠡᠯᠴᠡᠬᠦ ᠨᠢ ᠲᠠ ᠨᠠᠷ ᠪᠤᠰᠤᠳ ᠬᠥᠮᠦᠨ ᠲᠡᠢ ᠠᠳᠠᠯᠢ ᠪᠠᠢᠭ᠎ᠠ ᠪᠢᠰᠢ ᠶᠤᠮ ᠤᠤ︖
5 ᠬᠠᠷᠢᠨ ᠠᠫᠣᠯᠣ᠋ ᠭᠡᠵᠦ ᠬᠡᠨ ᠪᠤᠢ︖ ᠫᠠᠦ᠋ᠯ ᠭᠡᠵᠦ ᠬᠡᠨ ᠪᠤᠢ︖ ᠪᠢᠳᠡ ᠵᠥᠪᠬᠡᠨ ᠡᠵᠡᠨ ᠦ ᠵᠠᠷᠤᠴᠠ ᠪᠥᠭᠡᠳ ᠡᠵᠡᠨ ᠦ ᠰᠣᠶᠣᠷᠬᠠᠭᠰᠠᠨ ᠶᠣᠰᠣᠭᠠᠷ ᠲᠠ ᠨᠠᠷ ᠢ ᠢᠲᠡᠭᠡᠭᠦᠯᠦᠯᠡ᠃ 6 ᠪᠢ ᠲᠠᠷᠢᠵᠤ᠂ ᠠᠫᠣᠯᠣ᠋ ᠤᠰᠤᠯᠠᠭᠰᠠᠨ᠂ ᠬᠠᠷᠢᠨ ᠪᠤᠷᠬᠠᠨ ᠤᠷᠭᠤᠭᠤᠯᠵᠤ ᠪᠠᠢᠭᠰᠠᠨ ᠶᠤᠮ᠃ 7 ᠲᠡᠢᠮᠦ ᠡᠴᠡ ᠲᠠᠷᠢᠭᠴᠢ ᠪᠤᠶᠤ ᠤᠰᠤᠯᠠᠭᠴᠢ ᠨᠢ ᠶᠠᠭᠤ ᠴᠤ ᠪᠢᠰᠢ᠂ ᠤᠷᠭᠤᠭᠤᠯᠤᠭᠴᠢ ᠪᠤᠷᠬᠠᠨ ᠯᠠ ᠡᠷᠬᠢᠮ ᠶᠤᠮ᠃ 8 ᠲᠠᠷᠢᠭᠴᠢ ᠪᠠ ᠤᠰᠤᠯᠠᠭᠴᠢ ᠨᠢᠭᠡᠨ ᠠᠳᠠᠯᠢ ᠪᠥᠭᠡᠳ ᠬᠥᠳᠡᠯᠮᠦᠷᠢᠯᠡᠭᠰᠡᠨ ᠦ ᠪᠠᠨ ᠶᠣᠰᠣᠭᠠᠷ ᠲᠤᠰ ᠲᠤᠰ ᠤᠨ ᠱᠠᠩᠨᠠᠯ ᠢᠶᠠᠨ ᠬᠦᠷᠲᠡᠬᠦ ᠪᠣᠯᠣᠨ᠎ᠠ᠃ 9 ᠪᠢᠳᠡ ᠪᠣᠯ ᠪᠤᠷᠬᠠᠨ ᠯᠤᠭ᠎ᠠ ᠬᠠᠮᠲᠤᠷᠠᠨ ᠠᠵᠢᠯᠯᠠᠭᠴᠢᠳ᠂ ᠲᠠ ᠨᠠᠷ ᠪᠣᠯ ᠪᠤᠷᠬᠠᠨ ᠤ ᠲᠠᠷᠢᠶᠠᠯᠠᠩ᠂ ᠪᠤᠷᠬᠠᠨ ᠤ ᠪᠠᠷᠢᠯᠭ᠎ᠠ ᠮᠥᠨ᠃
10 ᠪᠤᠷᠬᠠᠨ ᠤ ᠰᠣᠶᠣᠷᠬᠠᠭᠰᠠᠨ ᠢᠪᠡᠭᠡᠯ ᠦᠨ ᠠᠴᠢ ᠪᠠᠷ ᠪᠢ ᠤᠷᠠᠨ ᠪᠠᠷᠢᠯᠭᠠᠴᠢᠨ ᠮᠡᠲᠦ ᠰᠠᠭᠤᠷᠢ ᠶᠢ ᠲᠠᠯᠪᠢᠭᠰᠠᠨ ᠳᠤ ᠲᠡᠷᠡ ᠬᠥᠮᠦᠨ ᠳᠡᠭᠡᠷ᠎ᠡ ᠨᠢ ᠪᠠᠷᠢᠵᠤ ᠪᠤᠢ᠃ ᠬᠠᠷᠢᠨ ᠲᠡᠭᠦᠨ ᠳᠡᠭᠡᠷ᠎ᠡ ᠶᠠᠭᠠᠬᠢᠵᠤ ᠪᠠᠷᠢᠬᠤ ᠪᠠᠨ ᠬᠥᠮᠦᠨ ᠪᠦᠷᠢ ᠠᠩ᠋ᠬᠠᠷᠬᠤ ᠶᠣᠰᠣᠲᠠᠢ᠃ 11 ᠢᠰᠦ᠋ᠰ ᠾᠷᠢᠰᠲ᠋ᠣᠰ ᠭᠡᠰᠡᠨ ᠰᠠᠭᠤᠷᠢ ᠲᠠᠯᠪᠢᠭᠳᠠᠭᠰᠠᠨ ᠤᠴᠢᠷ ᠠᠴᠠ ᠬᠡᠨ ᠴᠤ ᠥᠭᠡᠷ᠎ᠡ ᠰᠠᠭᠤᠷᠢ ᠶᠢ ᠲᠠᠯᠪᠢᠵᠤ ᠴᠢᠳᠠᠬᠤ ᠦᠭᠡᠢ᠃ 12 ᠬᠡᠨ ᠴᠤ ᠪᠠᠢᠲᠤᠭᠠᠢ᠂ ᠡᠨᠡ ᠰᠠᠭᠤᠷᠢ ᠶᠢᠨ ᠳᠡᠭᠡᠷ᠎ᠡ ᠠᠯᠲᠠ᠂ ᠮᠥᠩᠭᠥ᠂ ᠡᠷᠳᠡᠨᠢ ᠶᠢᠨ ᠴᠢᠯᠠᠭᠤ᠂ ᠮᠣᠳᠣ ᠡᠪᠡᠰᠦ᠂ ᠡᠰᠡᠬᠦᠯ᠎ᠡ ᠰᠦᠷᠡᠯ ᠢᠶᠡᠷ ᠪᠠᠢᠭᠤᠯᠪᠠᠯ 13 ᠲᠡᠭᠦᠨ ᠦ ᠠᠵᠢᠯ ᠬᠣᠵᠢᠮ ᠲᠣᠳᠣᠷᠠᠬᠤ ᠪᠣᠯᠣᠨ᠎ᠠ᠃ ᠪᠦᠬᠦᠨ ᠢ ᠦᠵᠡᠭᠦᠯᠬᠦ ᠲᠡᠷᠡ ᠡᠳᠦᠷ ᠬᠢᠭᠰᠡᠨ ᠠᠵᠢᠯ ᠢ ᠨᠢ ᠭᠠᠯ ᠢᠶᠠᠷ ᠲᠣᠳᠣᠷᠠᠭᠤᠯᠬᠤ ᠪᠥᠭᠡᠳ ᠲᠡᠷᠡ ᠭᠠᠯ ᠬᠥᠮᠦᠨ ᠪᠣᠯᠭᠠᠨ ᠤ ᠠᠵᠢᠯ ᠤᠨ ᠶᠠᠮᠠᠷ ᠪᠠᠢᠬᠤ ᠶᠢ ᠰᠢᠯᠭᠠᠨ᠎ᠠ᠃ 14 ᠲᠡᠷᠡ ᠰᠠᠭᠤᠷᠢᠨ ᠳᠡᠭᠡᠷ᠎ᠡ ᠪᠠᠢᠭᠤᠯᠤᠭᠰᠠᠨ ᠬᠡᠨ ᠨᠢᠭᠡᠨ ᠦ ᠪᠠᠷᠢᠯᠭ᠎ᠠ ᠬᠡᠪ ᠢᠶᠡᠷ ᠢᠶᠠᠨ ᠦᠯᠡᠳᠡᠪᠡᠯ ᠲᠡᠷᠡ ᠬᠥᠮᠦᠨ ᠱᠠᠩᠨᠠᠯ ᠢᠶᠠᠨ ᠣᠯᠣᠨ᠎ᠠ᠃ 15 ᠬᠡᠷᠪᠡ ᠰᠢᠲᠠᠪᠠᠯ ᠲᠡᠷᠡ ᠬᠥᠮᠦᠨ ᠬᠣᠬᠢᠷᠠᠨ᠎ᠠ᠂ ᠠᠪᠤᠷᠠᠭᠳᠠᠪᠠᠴᠤ ᠭᠠᠯ ᠳᠤᠮᠳᠠᠭᠤᠷ ᠶᠠᠪᠤᠭᠰᠠᠨ ᠮᠡᠲᠦ ᠪᠣᠯᠣᠨ᠎ᠠ᠃
16 ᠲᠠ ᠨᠠᠷ ᠪᠣᠯ ᠪᠤᠷᠬᠠᠨ ᠤ ᠥᠷᠭᠥᠭᠡ ᠪᠥᠭᠡᠳ ᠪᠤᠷᠬᠠᠨ ᠤ ᠰᠦᠨᠡᠰᠦ ᠲᠠ ᠨᠠᠷ ᠤᠨ ᠳᠣᠲᠣᠷ᠎ᠠ ᠣᠷᠣᠰᠢᠵᠤ ᠪᠠᠢᠬᠤ ᠶᠢ ᠮᠡᠳᠡᠳᠡᠭ ᠦᠭᠡᠢ ᠶᠤᠮ ᠤᠤ︖ 17 ᠬᠡᠨ ᠬᠡᠷᠪᠡ ᠪᠤᠷᠬᠠᠨ ᠤ ᠥᠷᠭᠥᠭᠡ ᠶᠢ ᠤᠰᠠᠳᠬᠠᠪᠠᠯ ᠪᠤᠷᠬᠠᠨ ᠴᠤ ᠲᠡᠭᠦᠨ ᠢ ᠤᠰᠠᠳᠬᠠᠨ᠎ᠠ᠃ ᠤᠴᠢᠷ ᠨᠢ᠂ ᠪᠤᠷᠬᠠᠨ ᠤ ᠥᠷᠭᠥᠭᠡ ᠪᠣᠯ ᠠᠷᠢᠭᠤᠨ ᠪᠥᠭᠡᠳ ᠲᠡᠷᠡ ᠥᠷᠭᠥᠭᠡ ᠪᠣᠯ ᠲᠠ ᠨᠠᠷ ᠮᠥᠨ᠃
18 ᠬᠡᠨ ᠴᠤ ᠪᠡᠶ᠎ᠡ ᠪᠡᠨ ᠪᠦᠦ ᠮᠡᠬᠡᠯᠡᠭᠲᠦᠨ᠃ ᠲᠠ ᠨᠠᠷ ᠤᠨ ᠳᠣᠲᠣᠷ᠎ᠠ ᠬᠡᠨ ᠨᠢᠭᠡ ᠨᠢ ᠪᠡᠶ᠎ᠡ ᠪᠡᠨ ᠡᠨᠡ ᠦᠶ᠎ᠡ ᠶᠢᠨ ᠮᠡᠷᠭᠡᠨ ᠤᠬᠠᠭᠠᠨᠲᠠᠨ ᠭᠡᠵᠦ ᠦᠵᠡᠪᠡᠯ᠂ ᠲᠡᠷᠡ ᠬᠥᠮᠦᠨ ᠨᠡᠩ ᠮᠡᠷᠭᠡᠨ ᠤᠬᠠᠭᠠᠨᠲᠠᠨ ᠪᠣᠯᠬᠤ ᠶᠢᠨ ᠲᠤᠯᠠᠳᠠ ᠮᠤᠩ᠋ᠬᠠᠭ ᠪᠣᠯᠬᠤ ᠬᠡᠷᠡᠭᠲᠡᠢ᠃ 19 ᠤᠴᠢᠷ ᠨᠢ᠂ ᠡᠨᠡ ᠶᠢᠷᠲᠢᠨᠴᠦ ᠶᠢᠨ ᠮᠡᠷᠭᠡᠨ ᠨᠢ ᠪᠤᠷᠬᠠᠨ ᠤ ᠳᠡᠷᠭᠡᠳᠡ ᠮᠤᠩ᠋ᠬᠠᠭ ᠶᠤᠮ᠃ ᠡᠢᠮᠦ ᠳᠦ 《ᠮᠡᠷᠭᠡᠨ ᠢ ᠮᠡᠬᠡ ᠪᠡᠷ ᠨᠢ ᠪᠠᠷᠢᠭᠴᠢ ᠨᠢ ᠲᠡᠷᠡ》 ᠭᠡᠰᠡᠨ ᠪᠥᠭᠡᠳ 20 ᠪᠠᠰᠠ 《ᠮᠡᠷᠭᠡᠳ ᠦᠨ ᠪᠣᠳᠣᠯ ᠬᠣᠭᠣᠰᠣᠨ ᠭᠡᠳᠡᠭ ᠢ ᠡᠵᠡᠨ ᠮᠡᠳᠡᠨ᠎ᠡ》 ᠭᠡᠵᠦ ᠪᠢᠴᠢᠭᠳᠡᠭᠰᠡᠨ ᠪᠠᠢᠳᠠᠭ᠃ 21 ᠲᠡᠢᠮᠦ ᠡᠴᠡ ᠬᠡᠨ ᠴᠤ ᠬᠥᠮᠦᠨ ᠢᠶᠡᠷ ᠪᠦᠦ ᠰᠠᠢᠷᠬᠠᠭᠲᠤᠨ᠃ ᠬᠠᠮᠤᠭ ᠶᠠᠭᠤᠮ᠎ᠠ ᠲᠠ ᠨᠠᠷ ᠤᠨ ᠬᠢ᠃ 22 ᠫᠠᠦ᠋ᠯ ᠴᠤ᠂ ᠠᠫᠣᠯᠣ᠋ ᠴᠤ᠂ ᠺᠧᠹᠠ 3 ᠴᠤ᠂ ᠶᠢᠷᠲᠢᠨᠴᠦ ᠴᠤ᠂ ᠠᠮᠢ ᠴᠤ᠂ ᠦᠬᠦᠯ ᠴᠤ᠂ ᠣᠳᠣ ᠶᠢᠨ ᠶᠠᠪᠤᠳᠠᠯ ᠴᠤ᠂ ᠢᠷᠡᠭᠡᠳᠦᠢ ᠶᠢᠨ ᠶᠠᠪᠤᠳᠠᠯ ᠴᠤ ᠴᠥᠮ ᠲᠠ ᠨᠠᠷ ᠤᠨ ᠬᠢ᠂ 23 ᠲᠠ ᠨᠠᠷ ᠾᠷᠢᠰᠲ᠋ᠣᠰ ᠤᠨ ᠬᠢ ᠪᠥᠭᠡᠳ ᠾᠷᠢᠰᠲ᠋ᠣᠰ ᠪᠣᠯ ᠪᠤᠷᠬᠠᠨ ᠤ ᠬᠢ᠃