ᠨᠢᠭᠡᠳᠦᠭᠡᠷ ᠺᠣᠷᠢᠨᠲ ᠨᠠᠢ᠌ᠮᠠ
ᠡᠷᠬᠡ ᠴᠢᠯᠥᠭᠡ ᠬᠢᠭᠡᠳ ᠪᠣᠯᠭᠣᠮᠵᠢᠯᠠᠯ
1 ᠰᠢᠲᠦᠭᠡᠨ ᠳᠦ ᠡᠷᠭᠦᠭᠰᠡᠨ ᠮᠢᠬᠠᠨ ᠤ ᠲᠤᠬᠠᠢ ᠶᠠᠷᠢᠶ᠎ᠠ᠃ ᠪᠢᠳᠡ ᠪᠦᠭᠦᠳᠡᠭᠡᠷ ᠢᠶᠡᠨ ᠥᠪᠡᠷ ᠢ ᠪᠠᠨ ᠮᠡᠳᠡᠯᠭᠡ ᠲᠠᠢ ᠭᠡᠵᠦ ᠦᠵᠡᠳᠡᠭ᠂ ᠬᠠᠷᠢᠨ ᠮᠡᠳᠡᠯᠭᠡ ᠬᠥᠮᠦᠨ ᠢ ᠣᠮᠣᠷᠬᠠᠭᠯᠠᠭᠤᠯᠳᠠᠭ ᠪᠣᠯ᠂ ᠬᠠᠢᠷ᠎ᠠ ᠪᠣᠰᠬᠠᠨ ᠪᠠᠢᠭᠤᠯᠳᠠᠭ᠃ 2 ᠶᠠᠭᠤᠮ᠎ᠠ ᠮᠡᠳᠡᠨ᠎ᠡ ᠬᠡᠮᠡᠭᠴᠢ ᠨᠢ ᠮᠡᠳᠡᠬᠦ ᠶᠣᠰᠣᠲᠠᠢ ᠪᠠᠨ ᠴᠤ ᠬᠠᠷᠠᠬᠠᠨ ᠮᠡᠳᠡᠭᠡ ᠦᠭᠡᠢ ᠪᠠᠢᠬᠤ ᠳᠤ᠂ 3 ᠪᠤᠷᠬᠠᠨ ᠢ ᠬᠠᠢᠷᠠᠯᠠᠭᠴᠢ ᠨᠢ ᠪᠤᠷᠬᠠᠨ ᠳᠤ ᠲᠠᠨᠢᠭᠳᠠᠭᠰᠠᠨ ᠪᠠᠢᠳᠠᠭ᠃
4 ᠰᠢᠲᠦᠭᠡᠨ ᠳᠦ ᠡᠷᠭᠦᠭᠰᠡᠨ ᠮᠢᠬ᠎ᠠ ᠶᠢ ᠢᠳᠡᠬᠦ ᠶᠢᠨ ᠲᠤᠬᠠᠢ ᠶᠠᠷᠢᠶ᠎ᠠ᠃ ᠶᠢᠷᠲᠢᠨᠴᠦ ᠳᠠᠬᠢ ᠰᠢᠲᠦᠭᠡᠨ ᠶᠠᠭᠤ ᠴᠤ ᠪᠢᠰᠢ᠂ ᠴᠣᠷ ᠤᠨ ᠭᠠᠭᠴᠠ ᠪᠤᠷᠬᠠᠨ ᠠᠴᠠ ᠥᠭᠡᠷ᠎ᠡ ᠪᠤᠷᠬᠠᠳ ᠪᠠᠢᠬᠤ ᠦᠭᠡᠢ ᠶᠢ ᠪᠢᠳᠡ ᠮᠡᠳᠡᠳᠡᠭ᠃ 5 ᠬᠡᠳᠦᠢᠪᠡᠷ ᠪᠤᠷᠬᠠᠨ ᠭᠡᠭᠳᠡᠭᠴᠢᠳ ᠲᠩᠷᠢ ᠪᠠ ᠭᠠᠵᠠᠷ ᠲᠤ ᠣᠷᠣᠰᠢᠵᠤ ᠪᠠᠢᠭᠰᠠᠨ ᠴᠤ᠂ ᠣᠯᠠᠨ ᠪᠤᠷᠬᠠᠨ ᠣᠯᠠᠨ ᠡᠵᠡᠨ ᠪᠠᠢᠭᠰᠠᠨ ᠴᠤ᠂ 6 ᠪᠢᠳᠡᠨ ᠳᠦ ᠪᠣᠯ ᠴᠣᠷ ᠤᠨ ᠭᠠᠭᠴᠠ ᠡᠴᠢᠭᠡ ᠪᠤᠷᠬᠠᠨ ᠪᠠᠢᠳᠠᠭ᠃ ᠪᠦᠬᠦ ᠶᠠᠭᠤᠮ᠎ᠠ ᠲᠡᠭᠦᠨ ᠡᠴᠡ ᠭᠠᠷᠤᠭᠰᠠᠨ ᠪᠥᠭᠡᠳ ᠪᠢᠳᠡ ᠲᠡᠭᠦᠨ ᠤᠷᠤᠭᠤ ᠡᠷᠭᠢᠨ᠎ᠡ᠃ ᠪᠠᠰᠠ ᠭᠠᠭᠴᠠ ᠡᠵᠡᠨ ᠢᠰᠦ᠋ᠰ ᠾᠷᠢᠰᠲ᠋ᠣᠰ ᠪᠠᠢᠳᠠᠭ ᠪᠥᠭᠡᠳ ᠪᠦᠬᠦ ᠶᠠᠭᠤᠮ᠎ᠠ ᠲᠡᠭᠦᠨ ᠢᠶᠡᠷ ᠳᠠᠮᠵᠢᠨ᠂ ᠪᠢᠳᠡ ᠴᠤ ᠲᠡᠭᠦᠨ ᠢᠶᠡᠷ ᠳᠠᠮᠵᠢᠨ ᠠᠮᠢᠳᠤᠷᠠᠳᠠᠭ ᠪᠢᠯᠡ᠃
7 ᠭᠡᠪᠡᠴᠦ ᠬᠥᠮᠦᠨ ᠪᠦᠬᠦᠨ ᠡᠢᠮᠦᠷᠬᠦ ᠮᠡᠳᠡᠯᠭᠡ ᠲᠠᠢ ᠪᠢᠰᠢ᠂ ᠵᠠᠷᠢᠮ ᠨᠢ ᠡᠳᠦᠭᠡ ᠪᠣᠯᠲᠠᠯ᠎ᠠ ᠰᠢᠲᠦᠭᠡᠨ ᠳᠦ ᠳᠠᠳᠴᠤ᠂ ᠮᠢᠬ᠎ᠠ ᠶᠢ ᠰᠢᠲᠦᠭᠡᠨ ᠳᠦ ᠡᠷᠭᠦᠭᠰᠡᠨ ᠢᠳᠡᠭᠡᠨ ᠭᠡᠵᠦ ᠪᠣᠳᠣᠭᠰᠠᠭᠠᠷ ᠢᠳᠡᠳᠡᠭ ᠤᠴᠢᠷ ᠠᠴᠠ ᠰᠤᠯᠠ ᠳᠣᠷᠣᠢ ᠮᠥᠰᠥ ᠴᠢᠨᠠᠷ ᠢᠶᠠᠨ ᠪᠤᠵᠠᠷᠯᠠᠳᠠᠭ᠃ 8 ᠦᠨᠡᠨ ᠳᠡᠭᠡᠨ ᠬᠣᠭᠣᠯᠠ ᠤᠮᠳᠠ ᠪᠢᠳᠡᠨ ᠢ ᠪᠤᠷᠬᠠᠨ ᠳᠤ ᠣᠢᠷᠠᠲᠤᠭᠤᠯᠳᠠᠭ ᠪᠢᠰᠢ ᠶᠤᠮ᠃ ᠪᠢᠳᠡ ᠢᠳᠡᠬᠦ ᠦᠭᠡᠢ ᠴᠤ ᠭᠡᠰᠡᠨ ᠠᠯᠳᠠᠬᠤ ᠦᠭᠡᠢ᠂ ᠢᠳᠡᠭᠰᠡᠨ ᠴᠤ ᠣᠯᠬᠤ ᠦᠭᠡᠢ᠃ 9 ᠬᠠᠷᠢᠨ ᠡᠨᠡ ᠬᠦ ᠡᠷᠬᠡ ᠴᠢᠯᠥᠭᠡ ᠴᠢᠨᠢ ᠰᠤᠯᠠ ᠳᠣᠷᠣᠢ ᠬᠥᠮᠦᠨ ᠳᠦ ᠪᠦᠳᠦᠷᠢᠭᠦᠯᠦᠯᠭᠡ ᠪᠣᠯᠬᠤ ᠠᠴᠠ ᠪᠣᠯᠭᠣᠮᠵᠢᠯᠠᠭᠲᠤᠨ᠃ 10 ᠰᠤᠯᠠ ᠳᠣᠷᠣᠢ ᠢᠲᠡᠭᠡᠭᠴᠢ ᠬᠡᠷᠪᠡ ᠡᠢᠮᠦ ᠮᠡᠳᠡᠯᠭᠡ ᠲᠠᠢ ᠴᠢᠮᠠᠶᠢ ᠰᠢᠲᠦᠭᠡᠨ ᠦ ᠰᠦᠮ᠎ᠡ ᠳᠦ ᠬᠣᠭᠣᠯᠠ ᠢᠳᠡᠵᠦ ᠰᠠᠭᠤᠬᠤ ᠶᠢ ᠬᠠᠷᠠᠪᠠᠯ᠂ ᠲᠡᠷᠡ ᠪᠡᠷ ᠰᠢᠲᠦᠭᠡᠨ ᠳᠦ ᠡᠷᠭᠦᠭᠰᠡᠨ ᠮᠢᠬ᠎ᠠ ᠶᠢ ᠢᠳᠡᠬᠦ ᠵᠣᠷᠢᠭ ᠣᠷᠣᠬᠤ ᠪᠤᠰᠤ ᠤᠤ︖ 11 ᠲᠡᠳᠡᠨ ᠦ ᠲᠥᠯᠥᠭᠡ ᠾᠷᠢᠰᠲ᠋ᠣᠰ ᠨᠥᠭᠴᠢᠭᠰᠡᠨ ᠪᠠᠢᠬᠤ ᠳᠤ᠂ ᠲᠠ ᠥᠪᠡᠷ ᠦᠨ ᠢᠶᠠᠨ ᠮᠡᠳᠡᠯᠭᠡ ᠪᠡᠷ ᠰᠤᠯᠠ ᠳᠣᠷᠣᠢ ᠠᠬ᠎ᠠ ᠳᠡᠭᠦᠦ ᠪᠡᠨ ᠮᠥᠬᠥᠭᠡᠵᠦ ᠪᠠᠢᠨ᠎ᠠ᠃ 12 ᠲᠠ ᠨᠠᠷ ᠡᠨᠡ ᠮᠡᠲᠦ ᠪᠡᠷ ᠠᠬ᠎ᠠ ᠳᠡᠭᠦᠦ ᠳᠡᠭᠡᠨ ᠨᠢᠭᠦᠯ ᠬᠢᠵᠦ᠂ ᠲᠡᠳᠡᠨ ᠦ ᠰᠤᠯᠠ ᠳᠣᠷᠣᠢ ᠮᠥᠰᠥ ᠴᠢᠨᠠᠷ ᠢ ᠰᠢᠷᠬᠠᠲᠤᠭᠤᠯᠬᠤ ᠨᠢ ᠾᠷᠢᠰᠲ᠋ᠣᠰ ᠲᠤ ᠨᠢᠭᠦᠯ ᠬᠢᠭᠰᠡᠨ ᠶᠠᠪᠤᠳᠠᠯ ᠪᠣᠯᠣᠨ᠎ᠠ᠃ 13 ᠲᠡᠢᠮᠦ ᠡᠴᠡ ᠢᠳᠡᠬᠦ ᠶᠠᠭᠤᠮ᠎ᠠ ᠮᠢᠨᠦ ᠠᠬ᠎ᠠ ᠳᠡᠭᠦᠦ ᠶᠢ ᠪᠦᠳᠦᠷᠢᠭᠦᠯᠬᠦ ᠶᠤᠮ ᠪᠣᠯ᠂ ᠠᠬ᠎ᠠ ᠳᠡᠭᠦᠦ ᠪᠡᠨ ᠪᠦᠳᠦᠷᠢᠭᠦᠯᠬᠦ ᠦᠭᠡᠢ ᠶᠢᠨ ᠲᠤᠯᠠᠳᠠ ᠪᠢ ᠮᠢᠬ᠎ᠠ ᠶᠠᠭ ᠢᠳᠡᠬᠦ ᠦᠭᠡᠢ᠃