1 2 3 4 5 6 7 8 9 10 11 12 13 14 15 16


ᠨᠢᠭᠡᠳᠦᠭᠡᠷ ᠺᠣᠷᠢᠨᠲ ᠠᠷᠪᠠᠨ ᠳᠥᠷᠪᠡ
 ᠡᠰᠢ ᠦᠵᠡᠭᠦᠯᠬᠦ ᠪᠣᠯ ᠳᠠᠪᠠᠮᠠᠭᠠᠢ ᠰᠣᠶᠣᠷᠬᠠᠯ

1 ᠲᠠ ᠨᠠᠷ ᠬᠠᠢᠷ᠎ᠠ ᠶᠢ ᠬᠥᠭᠡᠭᠡᠴᠡᠯᠳᠦᠭᠲᠦᠨ᠂ ᠰᠦᠨᠡᠰᠦᠯᠢᠭ ᠰᠣᠶᠣᠷᠬᠠᠯ᠂ ᠢᠯᠠᠩ᠋ᠭᠤᠶ᠎ᠠ ᠡᠰᠢ ᠦᠵᠡᠭᠦᠯᠬᠦ ᠶᠢ ᠬᠦᠰᠡᠨ ᠵᠢᠳᠬᠦᠭᠲᠦᠨ᠃ 2 ᠥᠭᠡᠷ᠎ᠡ ᠬᠡᠯᠡ ᠪᠡᠷ ᠶᠠᠷᠢᠭᠴᠢ ᠨᠢ ᠬᠥᠮᠦᠨ ᠳᠦ ᠪᠢᠰᠢ᠂ ᠪᠤᠷᠬᠠᠨ ᠳᠤ ᠶᠠᠷᠢᠳᠠᠭ ᠲᠤᠯᠠ ᠬᠡᠨ ᠴᠤ ᠣᠢᠯᠠᠭᠠᠬᠤ ᠦᠭᠡᠢ ᠶᠤᠮ᠃ ᠲᠡᠳᠡ ᠰᠦᠨᠡᠰᠦ ᠪᠡᠷ ᠢᠶᠠᠨ ᠨᠢᠭᠤᠴᠠ ᠶᠢ ᠶᠠᠷᠢᠳᠠᠭ ᠪᠣᠯ᠂ 3 ᠡᠰᠢ ᠦᠵᠡᠭᠦᠯᠬᠦ ᠬᠥᠮᠦᠨ ᠬᠥᠮᠦᠰ ᠲᠦ ᠪᠣᠰᠬᠠᠨ ᠪᠠᠢᠭᠤᠯᠵᠤ᠂ ᠤᠷᠮᠠᠰᠢᠭᠤᠯᠤᠨ ᠲᠠᠢᠳᠬᠤᠷᠠᠭᠤᠯᠬᠤ ᠦᠭᠡ ᠶᠢ ᠶᠠᠷᠢᠳᠠᠭ᠃ 4 ᠥᠭᠡᠷ᠎ᠡ ᠬᠡᠯᠡ ᠪᠡᠷ ᠶᠠᠷᠢᠳᠠᠭ ᠬᠥᠮᠦᠨ ᠥᠪᠡᠷ ᠢ ᠪᠠᠨ ᠪᠣᠰᠬᠠᠨ ᠪᠠᠢᠭᠤᠯᠳᠠᠭ ᠪᠣᠯ᠂ ᠡᠰᠢ ᠦᠵᠡᠭᠦᠯᠳᠡᠭ ᠬᠥᠮᠦᠨ ᠴᠢᠭᠤᠯᠭᠠᠨ ᠢ ᠪᠣᠰᠬᠠᠨ ᠪᠠᠢᠭᠤᠯᠳᠠᠭ᠃ 5 ᠲᠠ ᠨᠠᠷ ᠪᠦᠭᠦᠳᠡᠭᠡᠷ ᠢᠶᠡᠨ ᠥᠭᠡᠷ᠎ᠡ ᠬᠡᠯᠡ ᠪᠡᠷ ᠶᠠᠷᠢᠳᠠᠭ ᠪᠣᠯᠣᠭᠠᠰᠠᠢ ᠭᠡᠵᠦ ᠪᠢ ᠬᠦᠰᠡᠳᠡᠭ᠂ ᠭᠡᠪᠡᠴᠦ ᠡᠰᠢ ᠦᠵᠡᠭᠦᠯᠬᠦ ᠶᠢ ᠴᠢᠨᠢ ᠢᠯᠡᠭᠦᠦ ᠬᠦᠰᠡᠳᠡᠭ᠃ ᠬᠡᠯᠡ ᠶᠢ ᠣᠷᠴᠢᠭᠤᠯᠬᠤ ᠬᠥᠮᠦᠨ ᠪᠠᠢᠬᠤ ᠦᠭᠡᠢ ᠪᠣᠯ ᠴᠢᠭᠤᠯᠭᠠᠨ ᠢ ᠪᠣᠰᠬᠠᠨ ᠪᠠᠢᠭᠤᠯᠬᠤ ᠠᠷᠭ᠎ᠠ ᠦᠭᠡᠢ᠃ ᠡᠢᠮᠦ ᠡᠴᠡ ᠥᠭᠡᠷ᠎ᠡ ᠬᠡᠯᠡ ᠪᠡᠷ ᠶᠠᠷᠢᠳᠠᠭ ᠬᠥᠮᠦᠨ ᠡᠴᠡ ᠡᠰᠢ ᠦᠵᠡᠭᠦᠯᠳᠡᠭ ᠬᠥᠮᠦᠨ ᠨᠢ ᠳᠡᠭᠡᠷ᠎ᠡ᠃

6 ᠠᠬ᠎ᠠ ᠳᠡᠭᠦᠦ ᠨᠠᠷ ᠡ᠂ ᠪᠢ ᠬᠡᠷᠪᠡ ᠲᠠ ᠨᠠᠷ ᠤᠨ ᠲᠡᠨᠳᠡ ᠬᠦᠷᠦᠭᠡᠳ ᠢᠯᠡᠷᠬᠡᠶᠢᠯᠡᠯᠭᠡ ᠴᠤ᠂ ᠮᠡᠳᠡᠯᠭᠡ ᠴᠤ᠂ ᠡᠰᠢ ᠦᠵᠡᠭᠦᠯᠦᠯᠭᠡ ᠴᠤ᠂ ᠰᠤᠷᠭᠠᠯ ᠴᠤ ᠶᠠᠷᠢᠬᠤ ᠦᠭᠡᠢ᠂ ᠵᠥᠪᠬᠡᠨ ᠥᠭᠡᠷ᠎ᠡ ᠬᠡᠯᠡ ᠨᠦᠭᠦᠳ ᠢᠶᠡᠷ ᠶᠠᠷᠢᠪᠠᠯ ᠲᠠ ᠨᠠᠷ ᠲᠤ ᠶᠠᠮᠠᠷ ᠲᠤᠰᠠ ᠲᠠᠢ ᠶᠤᠮ ᠪᠤᠢ︖ 7 ᠠᠮᠢ ᠦᠭᠡᠢ ᠪᠥᠭᠡᠲᠡᠯ᠎ᠡ ᠳᠠᠭᠤ ᠭᠠᠷᠭᠠᠳᠠᠭ ᠪᠢᠰᠬᠢᠭᠦᠷ ᠪᠠ ᠶᠠᠲᠤᠭ᠎ᠠ ᠴᠤ ᠠᠳᠠᠯᠢᠬᠠᠨ᠂ ᠬᠡᠷᠪᠡ ᠢᠯᠭᠠᠭ᠎ᠠ ᠦᠭᠡᠢ ᠳᠠᠭᠤ ᠭᠠᠷᠭᠠᠪᠠᠯ ᠪᠢᠰᠢᠭᠢᠭᠦᠷᠳᠡᠵᠦ᠂ ᠶᠠᠲᠤᠭᠠᠳᠠᠭᠰᠠᠨ ᠤ ᠠᠯᠢ ᠨᠢ ᠪᠣᠯᠬᠤ ᠶᠢ ᠬᠥᠮᠦᠰ ᠶᠠᠭᠠᠬᠢᠵᠤ ᠮᠡᠳᠡᠬᠦ ᠪᠤᠢ︖ 8 ᠮᠥᠨ ᠪᠦᠷᠢᠶᠡᠨ ᠳᠠᠭᠤ ᠨᠢ ᠲᠣᠳᠣᠷᠬᠠᠢ ᠪᠢᠰᠢ ᠪᠣᠯ ᠬᠡᠨ ᠪᠠᠢᠯᠳᠤᠭᠠᠨ ᠳᠤ ᠪᠡᠯᠡᠳᠬᠡᠬᠦ ᠪᠤᠢ︖ 9 ᠲᠠ ᠨᠠᠷ ᠤᠨ ᠬᠡᠯᠡ ᠣᠢᠯᠠᠭᠠᠮᠵᠢ ᠦᠭᠡᠢ ᠦᠭᠡ ᠶᠢ ᠭᠠᠷᠭᠠᠪᠠᠯ ᠬᠥᠮᠦᠰ ᠶᠠᠭᠤ ᠶᠠᠷᠢᠵᠤ ᠪᠠᠢᠭ᠎ᠠ ᠶᠢ ᠴᠢᠨᠢ ᠶᠠᠭᠠᠬᠢᠵᠤ ᠮᠡᠳᠡᠬᠦ ᠪᠢᠯᠡ︖ ᠬᠡᠷᠡᠭ ᠳᠡᠭᠡᠷ᠎ᠡ ᠪᠡᠨ ᠬᠣᠭᠣᠰᠣᠨ ᠠᠭᠠᠷ ᠲᠤ ᠶᠠᠷᠢᠵᠤ ᠪᠠᠢᠨ᠎ᠠ᠃ 10 ᠶᠢᠷᠲᠢᠨᠴᠦ ᠳᠡᠭᠡᠷ᠎ᠡ ᠣᠯᠠᠨ ᠲᠥᠷᠥᠯ ᠦᠨ ᠬᠡᠯᠡ ᠪᠠᠢᠪᠠᠴᠤ ᠤᠳᠬ᠎ᠠ ᠦᠭᠡᠢ ᠬᠡᠯᠡ ᠭᠡᠵᠦ ᠦᠭᠡᠢ ᠶᠤᠮ᠃ 11 ᠬᠡᠷᠪᠡ ᠪᠢ ᠨᠢᠭᠡ ᠬᠥᠮᠦᠨ ᠦ ᠬᠡᠯᠡᠨ ᠦ ᠤᠳᠬ᠎ᠠ ᠶᠢ ᠣᠢᠯᠠᠭᠠᠬᠤ ᠦᠭᠡᠢ ᠪᠣᠯ᠂ ᠶᠠᠷᠢᠵᠤ ᠪᠠᠢᠭ᠎ᠠ ᠬᠥᠮᠦᠨ ᠳᠦ ᠪᠢ ᠭᠠᠳᠠᠭᠠᠳᠤ ᠬᠥᠮᠦᠨ ᠪᠣᠯᠬᠤ ᠪᠥᠭᠡᠳ ᠲᠡᠷᠡ ᠬᠥᠮᠦᠨ ᠴᠤ ᠨᠠᠳᠠ ᠳᠤ ᠭᠠᠳᠠᠭᠠᠳᠤ ᠬᠥᠮᠦᠨ ᠪᠣᠯᠬᠤ ᠪᠣᠯᠣᠨ᠎ᠠ᠃ 12 ᠲᠠ ᠨᠠᠷ ᠴᠤ ᠰᠦᠨᠡᠰᠦᠯᠢᠭ ᠰᠣᠶᠣᠷᠬᠠᠯ ᠤᠳ ᠢ ᠬᠦᠰᠡᠨ ᠲᠡᠮᠡᠦᠯᠳᠡᠭ ᠪᠣᠯᠬᠣᠷ ᠴᠢᠭᠤᠯᠭᠠᠨ ᠢ ᠪᠣᠰᠬᠠᠨ ᠪᠠᠢᠭᠤᠯᠬᠤ ᠶᠢᠨ ᠲᠥᠯᠥᠭᠡ ᠰᠣᠶᠣᠷᠬᠠᠯ ᠳᠦᠭᠦᠷᠡᠩ ᠪᠠᠢᠭᠠᠰᠠᠢ ᠭᠡᠵᠦ ᠭᠤᠶᠤᠭᠲᠤᠨ᠃

13 ᠥᠭᠡᠷ᠎ᠡ ᠬᠡᠯᠡ ᠪᠡᠷ ᠶᠠᠷᠢᠳᠠᠭ ᠬᠥᠮᠦᠨ ᠣᠷᠴᠢᠭᠤᠯᠵᠤ ᠴᠢᠳᠠᠬᠤ ᠶᠢᠨ ᠲᠥᠯᠥᠭᠡ ᠳᠠᠭᠠᠳᠬᠠᠭᠲᠤᠨ᠃ 14 ᠬᠡᠷᠪᠡ ᠪᠢ ᠥᠭᠡᠷ᠎ᠡ ᠬᠡᠯᠡ ᠪᠡᠷ ᠳᠠᠭᠠᠳᠬᠠᠵᠤ ᠪᠠᠢᠪᠠᠯ᠂ ᠰᠦᠨᠡᠰᠦ ᠮᠠᠨᠢ ᠳᠠᠭᠠᠳᠬᠠᠵᠤ ᠪᠠᠢᠭ᠎ᠠ ᠴᠤ ᠭᠡᠰᠡᠨ ᠮᠢᠨᠦ ᠣᠶᠤᠨ ᠤᠬᠠᠭᠠᠨ ᠳᠤ ᠦᠷ᠎ᠡ ᠵᠢᠮᠢᠰ ᠦᠭᠡᠢ ᠶᠤᠮ᠃ 15 ᠲᠡᠭᠡᠪᠡᠯ ᠶᠠᠭᠠᠬᠢᠬᠤ ᠪᠤᠢ︖ ᠪᠢ ᠰᠦᠨᠡᠰᠦ ᠪᠡᠷ ᠳᠠᠭᠠᠳᠬᠠᠨ᠎ᠠ᠂ ᠣᠶᠤᠨ ᠢᠶᠠᠷ ᠴᠤ ᠳᠠᠭᠠᠳᠬᠠᠨ᠎ᠠ᠃ ᠪᠢ ᠰᠦᠨᠡᠰᠦ ᠪᠡᠷ ᠳᠠᠭᠤᠯᠠᠨ᠎ᠠ᠂ ᠣᠶᠤᠨ ᠢᠶᠠᠷ ᠴᠤ ᠳᠠᠭᠤᠯᠠᠨ᠎ᠠ᠃ 16 ᠬᠡᠷᠪᠡ ᠴᠢ ᠵᠥᠪᠬᠡᠨ ᠰᠦᠨᠡᠰᠦ ᠪᠡᠷ ᠮᠠᠭᠲᠠᠭᠠᠯ ᠡᠷᠭᠦᠵᠦ ᠪᠠᠢᠪᠠᠯ᠂ ᠠᠩᠬ᠎ᠠ ᠢᠲᠡᠭᠡᠭᠡᠳ ᠲᠡᠨᠳᠡ ᠪᠠᠢᠭ᠎ᠠ ᠬᠥᠮᠦᠰ ᠶᠠᠷᠢᠬᠤ ᠶᠢ ᠴᠢᠨᠢ ᠣᠢᠯᠠᠭᠠᠬᠤ ᠦᠭᠡᠢ ᠪᠠᠷ ᠴᠢᠨᠦ ᠲᠠᠯᠠᠷᠬᠠᠯ ᠳᠤ ᠶᠠᠭᠠᠬᠢᠨ 《ᠠᠮᠧᠨ 11 》 ᠭᠡᠵᠦ ᠬᠡᠯᠡᠬᠦ ᠪᠤᠢ︖ 17 ᠴᠢᠨᠦ ᠲᠠᠯᠠᠷᠬᠠᠯ ᠰᠠᠢᠨ ᠪᠠᠢᠯ᠎ᠠ ᠴᠤ᠂ ᠪᠤᠰᠤᠳ ᠬᠥᠮᠦᠨ ᠢ ᠪᠣᠰᠬᠠᠨ ᠪᠠᠢᠭᠤᠯᠬᠤ ᠦᠭᠡᠢ᠃ 18 ᠪᠢ ᠲᠠ ᠪᠦᠭᠦᠳᠡᠭᠡᠷ ᠡᠴᠡ ᠢᠯᠡᠭᠦᠦ ᠥᠭᠡᠷ᠎ᠡ ᠬᠡᠯᠡ ᠨᠦᠭᠦᠳ ᠢᠶᠡᠷ ᠶᠠᠷᠢᠳᠠᠭ ᠲᠠᠭᠠᠨ ᠪᠤᠷᠬᠠᠨ ᠳᠠᠭᠠᠨ ᠲᠠᠯᠠᠷᠬᠠᠶ᠎ᠠ᠃ 19 ᠬᠠᠷᠢᠨ ᠪᠢ ᠴᠢᠭᠤᠯᠭᠠᠨ ᠳᠠᠭᠠᠨ ᠪᠤᠰᠤᠳ ᠢ ᠰᠤᠷᠭᠠᠬᠤ ᠶᠢᠨ ᠲᠤᠯᠠᠳᠠ ᠥᠭᠡᠷ᠎ᠡ ᠬᠡᠯᠡ ᠪᠡᠷ ᠲᠦᠮᠡᠨ ᠦᠭᠡ ᠶᠢ ᠶᠠᠷᠢᠬᠤ ᠠᠴᠠ ᠣᠶᠤᠨ ᠢᠶᠠᠷ ᠢᠶᠠᠨ ᠲᠠᠪᠤᠨ ᠦᠭᠡ ᠶᠠᠷᠢᠬᠤ ᠶᠢ ᠢᠯᠡᠭᠦᠦ ᠬᠦᠰᠡᠳᠡᠭ᠃
 ᠰᠣᠶᠣᠷᠬᠠᠯ ᠢ ᠮᠥᠷᠭᠥᠯ ᠳᠤ ᠬᠡᠷᠡᠭᠯᠡᠬᠦ ᠵᠠᠷᠴᠢᠮ

20 ᠠᠬ᠎ᠠ ᠳᠡᠭᠦᠦ ᠨᠠᠷ ᠡ᠂ ᠪᠣᠳᠣᠯᠭ᠎ᠠ ᠳᠡᠭᠡᠷ᠎ᠡ ᠪᠡᠨ ᠨᠢᠯᠬ᠎ᠠ ᠬᠡᠦᠬᠡᠳ ᠪᠠᠢᠵᠤ ᠪᠣᠯᠬᠤ ᠦᠭᠡᠢ᠃ ᠬᠣᠷᠣᠨ ᠮᠠᠭᠤ ᠳᠡᠭᠡᠷ᠎ᠡ ᠨᠢᠯᠬᠠᠷᠠᠵᠤ᠂ ᠪᠣᠳᠣᠯᠭ᠎ᠠ ᠳᠡᠭᠡᠷ᠎ᠡ ᠪᠡᠨ ᠲᠥᠯᠥᠪᠰᠢᠭᠰᠡᠨ ᠬᠥᠮᠦᠨ ᠪᠣᠯᠣᠭᠠᠷᠠᠢ᠃ 21 ᠬᠠᠤᠯᠢ ᠳᠤ 《〈ᠪᠢ ᠬᠠᠷᠢ ᠶᠢᠨ ᠬᠡᠯᠡ᠂ ᠬᠠᠷᠢ ᠶᠢᠨ ᠦᠭᠡ ᠪᠡᠷ ᠡᠨᠡ ᠠᠷᠠᠳ ᠲᠤ ᠶᠠᠷᠢᠭᠰᠠᠨ ᠴᠤ ᠲᠡᠳᠡ ᠮᠢᠨᠦᠬᠢ ᠶᠢ ᠰᠣᠨᠣᠰᠬᠤ ᠦᠭᠡᠢ〉 ᠭᠡᠵᠦ ᠡᠵᠡᠨ ᠠᠢᠯᠠᠳᠴᠤ ᠪᠠᠢᠨ᠎ᠠ》 ᠬᠡᠮᠡᠨ ᠪᠢᠴᠢᠭᠳᠡᠵᠡᠢ᠃ 22 ᠲᠡᠢᠨ ᠬᠦ ᠥᠭᠡᠷ᠎ᠡ ᠬᠡᠯᠡ ᠪᠡᠷ ᠶᠠᠷᠢᠬᠤ ᠨᠢ ᠢᠲᠡᠭᠡᠭᠴᠢ ᠶᠢᠨ ᠲᠥᠯᠥᠭᠡᠬᠢ ᠪᠢᠰᠢ᠂ ᠬᠠᠷᠢᠨ ᠦᠯᠦ ᠢᠲᠡᠭᠡᠭᠴᠢ ᠶᠢᠨ ᠲᠥᠯᠥᠭᠡᠬᠢ ᠲᠡᠮᠳᠡᠭ ᠪᠥᠭᠡᠳ ᠡᠰᠢ ᠦᠵᠡᠭᠦᠯᠬᠦ ᠨᠢ ᠦᠯᠦ ᠢᠲᠡᠭᠡᠭᠴᠢ ᠶᠢᠨ ᠲᠥᠯᠥᠭᠡᠬᠢ ᠪᠢᠰᠢ᠂ ᠬᠠᠷᠢᠨ ᠢᠲᠡᠭᠡᠭᠴᠢ ᠶᠢᠨ ᠲᠥᠯᠥᠭᠡᠬᠢ ᠲᠡᠮᠳᠡᠭ ᠮᠥᠨ᠃ 23 ᠲᠡᠭᠡᠭᠰᠡᠨ ᠴᠤ ᠪᠦᠬᠦ ᠴᠢᠭᠤᠯᠭᠠᠨ ᠨᠢᠭᠡ ᠳᠣᠣᠷ᠎ᠠ ᠴᠤᠭᠯᠠᠷᠠᠭᠠᠳ ᠪᠦᠭᠦᠳᠡᠭᠡᠷ ᠢᠶᠡᠨ ᠥᠭᠡᠷ᠎ᠡ ᠬᠡᠯᠡ ᠪᠡᠷ ᠶᠠᠷᠢᠵᠤ ᠪᠠᠢᠬᠤ ᠳᠤ᠂ ᠠᠩᠬ᠎ᠠ ᠢᠲᠡᠭᠡᠭᠴᠢᠳ ᠪᠤᠶᠤ ᠦᠯᠦ ᠢᠲᠡᠭᠡᠭᠴᠢᠳ ᠣᠷᠣᠵᠤ ᠢᠷᠡᠪᠡᠯ ᠲᠠ ᠨᠠᠷ ᠢ ᠰᠣᠯᠢᠶᠠᠷᠠᠵᠠᠢ ᠭᠡᠵᠦ ᠬᠡᠯᠡᠬᠦ ᠪᠢᠰᠢ ᠤᠤ︖ 24 ᠬᠠᠷᠢᠨ ᠪᠦᠭᠦᠳᠡᠭᠡᠷ ᠢᠶᠡᠨ ᠡᠰᠢ ᠦᠵᠡᠭᠦᠯᠵᠦ ᠪᠠᠢᠬᠤ ᠳᠤ᠂ ᠦᠯᠦ ᠢᠲᠡᠭᠡᠭᠴᠢ ᠪᠤᠶᠤ ᠠᠩᠬ᠎ᠠ ᠢᠲᠡᠭᠡᠭᠴᠢ ᠣᠷᠣᠵᠤ ᠢᠷᠡᠪᠡᠯ ᠲᠡᠷᠡ ᠪᠦᠬᠦ ᠬᠥᠮᠦᠨ ᠳᠦ ᠵᠢᠮᠡᠯᠡᠭᠳᠡᠵᠦ᠂ ᠪᠦᠬᠦ ᠬᠥᠮᠦᠨ ᠳᠦ ᠰᠢᠭᠦᠮᠵᠢᠯᠡᠭᠳᠡᠨ᠂ 25 ᠰᠡᠳᠬᠢᠯ ᠤᠨ ᠨᠢᠭᠤᠴᠠ ᠨᠢ ᠢᠯᠡᠷᠡᠬᠦ ᠪᠣᠯᠣᠨ᠎ᠠ᠃ ᠲᠡᠭᠡᠪᠡᠯ ᠲᠡᠷᠡ ᠨᠢᠭᠤᠷ ᠢᠶᠠᠷ ᠢᠶᠠᠨ ᠬᠥᠰᠡᠷ ᠤᠨᠠᠵᠤ ᠪᠤᠷᠬᠠᠨ ᠳᠤ ᠮᠥᠷᠭᠥᠨ᠄ 《ᠪᠤᠷᠬᠠᠨ ᠦᠨᠡᠬᠡᠷ ᠲᠠ ᠨᠠᠷ ᠤᠨ ᠳᠤᠮᠳᠠ ᠪᠠᠢᠨ᠎ᠠ》 ᠭᠡᠵᠦ ᠲᠤᠩ᠋ᠬᠠᠭᠯᠠᠬᠤ ᠪᠣᠯᠣᠨ᠎ᠠ᠃

26 ᠠᠬ᠎ᠠ ᠳᠡᠭᠦᠦ ᠨᠠᠷ ᠡ᠂ ᠲᠡᠭᠡᠪᠡᠯ ᠶᠠᠭᠠᠬᠢᠬᠤ ᠪᠤᠢ︖ ᠲᠠ ᠨᠠᠷ ᠴᠤᠭᠯᠠᠷᠠᠬᠤ ᠳᠠᠭᠠᠨ ᠲᠤᠰ ᠲᠤᠰ ᠮᠠᠭᠲᠠᠵᠤ᠂ ᠰᠤᠷᠭᠠᠵᠤ᠂ ᠢᠯᠡᠷᠬᠡᠶᠢᠯᠡᠯᠭᠡ ᠬᠡᠯᠡᠵᠦ᠂ ᠥᠭᠡᠷ᠎ᠡ ᠬᠡᠯᠡ ᠪᠡᠷ ᠶᠠᠷᠢᠵᠤ᠂ ᠥᠭᠡᠷ᠎ᠡ ᠬᠡᠯᠡ ᠶᠢ ᠣᠷᠴᠢᠭᠤᠯᠳᠠᠭ᠃ ᠡᠨᠡ ᠪᠦᠭᠦᠳᠡ ᠨᠢ ᠴᠢᠭᠤᠯᠭᠠᠨ ᠢ ᠪᠣᠰᠬᠠᠨ ᠪᠠᠢᠭᠤᠯᠬᠤ ᠪᠣᠯᠲᠤᠭᠠᠢ᠃ 27 ᠬᠡᠷᠪᠡ ᠬᠡᠨ ᠨᠢᠭᠡ ᠨᠢ ᠥᠭᠡᠷ᠎ᠡ ᠬᠡᠯᠡ ᠪᠡᠷ ᠶᠠᠷᠢᠶ᠎ᠠ ᠭᠡᠪᠡᠯ᠂ ᠬᠣᠶᠠᠷ ᠪᠤᠶᠤ ᠣᠯᠠᠨ ᠳᠠᠭᠠᠨ ᠭᠤᠷᠪᠠᠨ ᠬᠥᠮᠦᠨ ᠡᠭᠡᠯᠵᠢᠯᠡᠨ ᠶᠠᠷᠢᠵᠤ᠂ ᠨᠢᠭᠡ ᠨᠢ ᠣᠷᠴᠢᠭᠤᠯᠲᠤᠭᠠᠢ᠃ 28 ᠬᠡᠷᠪᠡ ᠣᠷᠴᠢᠭᠤᠯᠬᠤ ᠬᠥᠮᠦᠨ ᠦᠭᠡᠢ ᠪᠣᠯ ᠲᠡᠳᠡ ᠴᠢᠭᠤᠯᠭᠠᠨ ᠳᠣᠲᠣᠷ᠎ᠠ ᠴᠢᠮᠡᠭᠡ ᠦᠭᠡᠢ ᠪᠠᠢᠵᠤ᠂ ᠵᠥᠪᠬᠡᠨ ᠪᠡᠶ᠎ᠡ ᠳᠡᠭᠡᠨ ᠪᠠ ᠪᠤᠷᠬᠠᠨ ᠳᠤ ᠥᠭᠦᠯᠡᠲᠦᠭᠡᠢ᠃ 29 ᠡᠰᠢ ᠦᠵᠡᠭᠦᠯᠦᠶ᠎ᠡ ᠭᠡᠪᠡᠯ᠂ ᠬᠣᠶᠠᠷ ᠪᠤᠶᠤ ᠭᠤᠷᠪᠠ ᠨᠢ ᠶᠠᠷᠢᠵᠤ ᠪᠤᠰᠤᠳ ᠨᠢ ᠮᠠᠭᠠᠳᠯᠠᠭᠲᠤᠨ᠃ 30 ᠬᠠᠷᠢᠨ ᠬᠠᠵᠠᠭᠤ ᠳᠤᠨᠢ ᠰᠠᠭᠤᠭ᠎ᠠ ᠬᠥᠮᠦᠨ ᠳᠦ ᠢᠯᠡᠷᠬᠡᠶᠢᠯᠡᠯᠭᠡ ᠪᠠᠭᠤᠪᠠᠯ ᠲᠦᠷᠦᠭᠦᠴᠢ ᠶᠢᠨ ᠬᠥᠮᠦᠨ ᠴᠢᠮᠡᠭᠡ ᠦᠭᠡᠢ ᠪᠣᠯᠣᠭᠲᠤᠨ᠃ 31 ᠡᠢᠨ ᠬᠦ ᠲᠠ ᠨᠠᠷ ᠨᠢᠭᠡ ᠨᠢᠭᠡ ᠪᠡᠷ ᠡᠰᠢ ᠦᠵᠡᠭᠦᠯᠵᠦ ᠪᠣᠯᠣᠨ᠎ᠠ᠃ ᠢᠩᠭᠢᠪᠡᠯ ᠪᠦᠭᠦᠳᠡᠭᠡᠷ ᠰᠤᠷᠴᠤ᠂ ᠪᠦᠭᠦᠳᠡᠭᠡᠷ ᠤᠷᠮᠠᠰᠢᠭᠤᠯᠤᠭᠳᠠᠬᠤ ᠪᠣᠯᠣᠨ᠎ᠠ᠃ 32 ᠡᠰᠢ ᠦᠵᠡᠭᠦᠯᠦᠭᠴᠢᠳ ᠤᠨ ᠰᠦᠨᠡᠰᠦ ᠨᠢ ᠡᠰᠢ ᠦᠵᠡᠭᠦᠯᠦᠭᠴᠢᠳ ᠲᠤ ᠬᠢᠵᠠᠭᠠᠷᠯᠠᠭᠳᠠᠳᠠᠭ᠃ 33 ᠪᠤᠷᠬᠠᠨ ᠪᠣᠯ ᠵᠠᠮᠪᠠᠷᠠᠭ᠎ᠠ ᠦᠭᠡᠢ ᠶᠢᠨ ᠪᠤᠷᠬᠠᠨ ᠪᠢᠰᠢ᠂ ᠬᠠᠷᠢᠨ ᠠᠮᠤᠭᠤᠯᠠᠩ ᠤᠨ ᠪᠤᠷᠬᠠᠨ ᠶᠤᠮ᠃

34 ᠠᠷᠢᠭᠤᠨ ᠬᠥᠮᠦᠰ ᠦᠨ ᠬᠠᠮᠤᠭ ᠴᠢᠭᠤᠯᠭᠠᠨ ᠤ ᠶᠣᠰᠣᠭᠠᠷ ᠡᠮᠡᠭᠲᠡᠢᠴᠦᠳ ᠴᠢᠭᠤᠯᠭᠠᠨ ᠳᠤ ᠳᠠᠭᠤ ᠦᠭᠡᠢ ᠪᠠᠢᠭᠲᠤᠨ᠃ ᠲᠡᠳᠡ ᠨᠠᠷ ᠤᠨ ᠶᠠᠷᠢᠬᠤ ᠨᠢ ᠵᠥᠪᠰᠢᠶᠡᠷᠡᠭᠳᠡᠳᠡᠭ᠌ ᠦᠭᠡᠢ᠃ ᠬᠠᠤᠯᠢ ᠳᠤ ᠥᠭᠦᠯᠡᠭᠰᠡᠨ ᠶᠣᠰᠣᠭᠠᠷ ᠲᠡᠳᠡ ᠵᠠᠬᠢᠷᠤᠭᠳᠠᠬᠤ ᠶᠣᠰᠣᠲᠠᠢ᠃ 35 ᠶᠠᠮᠠᠷ ᠨᠢᠭᠡᠨ ᠶᠠᠭᠤᠮ᠎ᠠ ᠶᠢ ᠰᠤᠷᠬᠤ ᠶᠢ ᠬᠦᠰᠡᠪᠡᠯ ᠭᠡᠷ ᠲᠡᠭᠡᠨ ᠨᠥᠬᠥᠷ ᠡᠴᠡ ᠪᠡᠨ ᠠᠰᠠᠭᠤᠲᠤᠭᠠᠢ᠃ ᠡᠮᠡᠭᠲᠡᠢ ᠬᠥᠮᠦᠨ ᠴᠢᠭᠤᠯᠭᠠᠨ ᠳᠤ ᠶᠠᠷᠢᠬᠤ ᠨᠢ ᠢᠴᠢᠭᠦᠷᠢᠲᠡᠢ ᠶᠤᠮ᠃ 36 ᠪᠤᠷᠬᠠᠨ ᠤ ᠦᠭᠡ ᠲᠠ ᠨᠠᠷ ᠠᠴᠠ ᠭᠠᠷᠤᠭᠰᠠᠨ ᠶᠤᠮ ᠤᠤ︖ ᠵᠥᠪᠬᠡᠨ ᠲᠠ ᠨᠠᠷ ᠲᠤ ᠯᠠ ᠬᠦᠷᠴᠦ ᠢᠷᠡᠭᠰᠡᠨ ᠶᠤᠮ ᠤᠤ︖

37 ᠥᠪᠡᠷ ᠢ ᠪᠠᠨ ᠡᠰᠢ ᠦᠵᠡᠭᠦᠯᠦᠭᠴᠢ ᠪᠤᠶᠤ ᠰᠦᠨᠡᠰᠦᠯᠢᠭ ᠭᠡᠵᠦ ᠪᠣᠳᠣᠳᠠᠭ ᠬᠥᠮᠦᠨ ᠲᠠ ᠨᠠᠷ ᠲᠤ ᠪᠢᠴᠢᠭᠰᠡᠨ ᠵᠦᠢᠯᠡᠰ ᠢ ᠮᠢᠨᠢ ᠡᠵᠡᠨ ᠦ ᠵᠠᠷᠯᠢᠭ ᠮᠥᠨ ᠭᠡᠳᠡᠭ ᠢ ᠮᠡᠳᠡᠲᠦᠭᠡᠢ᠃ 38 ᠬᠡᠨ ᠬᠡᠷᠪᠡ ᠡᠭᠦᠨ ᠢ ᠲᠣᠭᠣᠬᠤ ᠦᠭᠡᠢ ᠪᠣᠯ ᠲᠡᠷᠡ ᠬᠥᠮᠦᠨ ᠴᠤ ᠲᠣᠭᠣᠭᠳᠠᠬᠤ ᠦᠭᠡᠢ᠃ 39 ᠲᠡᠢᠮᠦ ᠡᠴᠡ ᠠᠬ᠎ᠠ ᠳᠡᠭᠦᠦ ᠨᠠᠷ ᠮᠢᠨᠢ ᠡ᠂ ᠡᠰᠢ ᠦᠵᠡᠭᠦᠯᠬᠦ ᠶᠢᠨ ᠲᠥᠯᠥᠭᠡ ᠬᠦᠰᠡᠨ ᠲᠡᠮᠡᠦᠯᠦᠭᠲᠦᠨ᠂ ᠪᠠᠰᠠ ᠥᠭᠡᠷ᠎ᠡ ᠬᠡᠯᠡ ᠨᠦᠭᠦᠳ ᠢᠶᠡᠷ ᠶᠠᠷᠢᠬᠤ ᠶᠢ ᠪᠦᠦ ᠬᠣᠷᠢᠭᠯᠠ᠂ 40 ᠪᠦᠬᠦᠨ ᠢ ᠵᠣᠬᠢᠰᠲᠠᠢ᠂ ᠵᠠᠮᠪᠠᠷᠠᠭ᠎ᠠ ᠲᠠᠢ ᠬᠢᠭᠲᠦᠨ᠃