1 2 3 4 5 6 7 8 9 10 11 12 13 14 15 16


ᠨᠢᠭᠡᠳᠦᠭᠡᠷ ᠺᠣᠷᠢᠨᠲ ᠠᠷᠪᠠᠨ ᠭᠤᠷᠪᠠ
 ᠬᠠᠮᠤᠭ ᠤᠨ ᠠᠭᠤᠤ ᠨᠢ ᠬᠠᠢᠷ᠎ᠠ

1 ᠪᠢ ᠬᠥᠮᠦᠨ ᠪᠠ ᠲᠩᠷᠢ ᠶᠢᠨ ᠡᠯᠴᠢᠳ ᠤᠨ ᠬᠡᠯᠡ ᠨᠦᠭᠦᠳ ᠢᠶᠡᠷ ᠶᠠᠷᠢᠭᠰᠠᠨ ᠴᠤ ᠨᠠᠳᠠ ᠳᠤ ᠬᠠᠢᠷ᠎ᠠ ᠪᠠᠢᠬᠤ ᠦᠭᠡᠢ ᠪᠣᠯ ᠳᠤᠤᠭᠠᠷᠬᠤ ᠬᠠᠷᠠᠩ᠋ᠭ᠎ᠠ᠂ ᠴᠠᠩᠭᠢᠨᠠᠬᠤ ᠴᠠᠩ ᠲᠠᠢ ᠠᠳᠠᠯᠢ᠃ 2 ᠪᠢ ᠡᠰᠢ ᠦᠵᠡᠭᠦᠯᠵᠦ ᠪᠦᠬᠦ ᠨᠢᠭᠤᠴᠠ᠂ ᠪᠦᠬᠦ ᠮᠡᠳᠡᠯᠭᠡ ᠶᠢ ᠮᠡᠳᠡᠭᠰᠡᠨ ᠴᠤ᠂ ᠠᠭᠤᠯᠠᠰ ᠢ ᠨᠡᠭᠦᠯᠭᠡᠮ᠎ᠡ ᠪᠦᠷᠢᠨ ᠢᠲᠡᠭᠡᠯ ᠲᠡᠢ ᠪᠠᠢᠭᠰᠠᠨ ᠴᠤ ᠨᠠᠳᠠ ᠳᠤ ᠬᠠᠢᠷ᠎ᠠ ᠦᠭᠡᠢ ᠪᠣᠯ ᠶᠠᠭᠤ ᠴᠤ ᠪᠢᠰᠢ᠃ 3 ᠪᠢ ᠪᠠᠢᠭ᠎ᠠ ᠪᠦᠬᠦᠨ ᠢᠶᠡᠷ ᠢᠶᠠᠨ ᠶᠠᠳᠠᠭᠤᠰ ᠢ ᠲᠡᠵᠢᠭᠡᠵᠦ᠂ ᠪᠡᠶ᠎ᠡ ᠪᠡᠨ ᠵᠣᠷᠢᠭᠤᠯᠤᠭᠰᠠᠨ ᠴᠤ ᠨᠠᠳᠠ ᠳᠤ ᠬᠠᠢᠷ᠎ᠠ ᠦᠭᠡᠢ ᠪᠣᠯ ᠶᠠᠮᠠᠷ ᠴᠤ ᠬᠦᠷᠲᠡᠭᠡᠯ ᠦᠭᠡᠢ᠃

4 ᠬᠠᠢᠷ᠎ᠠ ᠲᠡᠪᠴᠢᠶᠡᠷᠢ ᠲᠠᠢ᠂ ᠬᠠᠢᠷ᠎ᠠ ᠡᠨᠡᠷᠢᠩᠭᠦᠢ᠂ ᠠᠲᠠᠭᠠᠷᠬᠠᠯ ᠦᠭᠡᠢ᠂ ᠬᠠᠢᠷ᠎ᠠ ᠣᠩᠭᠢᠷᠠᠬᠤ ᠦᠭᠡᠢ᠂ ᠶᠡᠬᠡᠷᠬᠡᠬᠦ ᠦᠭᠡᠢ᠂ 5 ᠶᠣᠰᠣ ᠠᠯᠳᠠᠬᠤ ᠦᠭᠡᠢ᠂ ᠬᠤᠪᠢ ᠪᠠᠨ ᠪᠣᠳᠣᠬᠤ ᠦᠭᠡᠢ᠂ ᠠᠮᠠᠷᠬᠠᠨ ᠠᠭᠤᠷᠯᠠᠬᠤ ᠦᠭᠡᠢ᠂ ᠥᠰ ᠪᠣᠳᠣᠬᠤ ᠦᠭᠡᠢ᠂ 6 ᠵᠥᠪ ᠪᠤᠰᠤ ᠳᠤ ᠪᠠᠶᠠᠷᠯᠠᠬᠤ ᠦᠭᠡᠢ᠂ ᠬᠠᠷᠢᠨ ᠦᠨᠡᠨ ᠳᠦ ᠪᠠᠶᠠᠷᠯᠠᠵᠤ᠂ 7 ᠠᠯᠢᠪᠠ ᠶᠢ ᠪᠠᠭᠲᠠᠭᠠᠵᠤ᠂ ᠠᠯᠢᠪᠠ ᠶᠢ ᠢᠲᠡᠭᠡᠵᠦ᠂ ᠠᠯᠢᠪᠠ ᠶᠢ ᠡᠷᠡᠮᠡᠯᠵᠡᠵᠦ᠂ ᠠᠯᠢᠪᠠ ᠶᠢ ᠲᠡᠰᠪᠦᠷᠢᠯᠡᠳᠡᠭ᠌᠃

8 ᠬᠠᠢᠷ᠎ᠠ ᠪᠣᠯ ᠮᠥᠬᠥᠰᠢ ᠦᠭᠡᠢ᠃ ᠬᠠᠷᠢᠨ ᠡᠰᠢ ᠦᠵᠡᠭᠦᠯᠦᠯᠭᠡ ᠨᠢ ᠤᠰᠠᠳᠴᠤ ᠥᠭᠡᠷ᠎ᠡ ᠬᠡᠯᠡ ᠨᠦᠭᠦᠳ ᠴᠤ ᠲᠡᠭᠦᠰᠴᠦ᠂ ᠮᠡᠳᠡᠯᠭᠡ ᠴᠤ ᠤᠰᠠᠲᠤᠨ᠎ᠠ᠃ 9 ᠪᠢᠳᠡ ᠬᠡᠰᠡᠭᠬᠡᠨ ᠢ ᠯᠠ ᠮᠡᠳᠡᠨ᠂ ᠬᠡᠰᠡᠭᠬᠡᠨ ᠢ ᠯᠠ ᠡᠰᠢ ᠦᠵᠡᠭᠦᠯᠳᠡᠭ ᠪᠣᠯᠪᠠᠴᠤ 10 ᠪᠦᠷᠢᠨ ᠲᠡᠭᠦᠰ ᠨᠢ ᠢᠷᠡᠬᠦ ᠳᠦ ᠬᠡᠰᠡᠭᠬᠡᠨ ᠨᠢ ᠤᠰᠠᠲᠤᠨ᠎ᠠ᠃ 11 ᠪᠢ ᠬᠡᠦᠬᠡᠳ ᠪᠠᠢᠬᠤ ᠳᠠᠭᠠᠨ ᠬᠡᠦᠬᠡᠳ ᠮᠡᠲᠦ ᠥᠭᠦᠯᠡᠨ ᠬᠡᠦᠬᠡᠳ ᠮᠡᠲᠦ ᠣᠢᠯᠠᠭᠠᠵᠤ᠂ ᠬᠡᠦᠬᠡᠳ ᠮᠡᠲᠦ ᠪᠣᠳᠣᠳᠠᠭ ᠪᠠᠢᠭᠰᠠᠨ᠃ ᠡᠷ᠎ᠡ ᠶᠢᠨ ᠴᠡᠭᠡᠯ ᠳᠦ ᠬᠦᠷᠦᠭᠡᠳ ᠬᠡᠦᠬᠡᠳ ᠦᠨ ᠶᠠᠪᠤᠳᠠᠯ ᠤᠳ ᠢᠶᠠᠨ ᠣᠷᠬᠢᠭᠰᠠᠨ ᠪᠠᠢᠨ᠎ᠠ᠃ 12 ᠣᠳᠣ ᠪᠢᠳᠡ ᠲᠣᠯᠢ 10  ᠪᠠᠷ ᠬᠠᠷᠠᠳᠠᠭ ᠪᠣᠯᠪᠠᠴᠤ ᠲᠡᠷᠡ ᠦᠶ᠎ᠡ ᠳᠦ ᠨᠢᠭᠤᠷ ᠨᠢᠭᠤᠷ ᠢᠶᠠᠷ ᠢᠶᠠᠨ ᠬᠠᠷᠠᠬᠤ ᠪᠣᠯᠣᠨ᠎ᠠ᠃ ᠣᠳᠣ ᠪᠢ ᠬᠡᠰᠡᠭᠬᠡᠨ ᠢ ᠮᠡᠳᠡᠳᠡᠭ ᠪᠣᠯᠪᠠᠴᠤ ᠡᠵᠡᠨ ᠨᠠᠮᠠᠶᠢ ᠲᠡᠭᠦᠰ ᠮᠡᠳᠡᠭᠰᠡᠨ ᠰᠢᠭ ᠢᠶᠠᠷ ᠲᠡᠷᠡ ᠦᠶ᠎ᠡ ᠳᠦ ᠪᠢ ᠴᠤ ᠲᠡᠭᠦᠰ ᠮᠡᠳᠡᠬᠦ ᠪᠣᠯᠣᠨ᠎ᠠ᠃ 13 ᠡᠢᠮᠦ ᠡᠴᠡ ᠢᠲᠡᠭᠡᠯ᠂ ᠡᠷᠡᠮᠡᠯᠵᠡᠯ᠂ ᠬᠠᠢᠷ᠎ᠠ ᠭᠤᠷᠪᠠ ᠦᠯᠡᠳᠡᠬᠦ ᠪᠥᠭᠡᠳ ᠡᠳᠡᠭᠡᠷ ᠦᠨ ᠬᠠᠮᠤᠭ ᠤᠨ ᠠᠭᠤᠤ ᠨᠢ ᠬᠠᠢᠷ᠎ᠠ ᠪᠢᠯᠡ᠃