1 2 3 4 5 6 7 8 9 10 11 12 13 14 15 16


ᠨᠢᠭᠡᠳᠦᠭᠡᠷ ᠺᠣᠷᠢᠨᠲ ᠳᠣᠯᠣᠭ᠎ᠠ
 ᠭᠡᠷᠯᠡᠯᠲᠡ ᠶᠢᠨ ᠲᠤᠬᠠᠢ ᠵᠥᠪᠯᠡᠯᠭᠡ

1 ᠲᠠ ᠨᠠᠷ ᠤᠨ ᠪᠢᠴᠢᠵᠦ ᠶᠠᠪᠤᠭᠤᠯᠤᠭᠰᠠᠨ ᠠᠰᠠᠭᠤᠯᠲᠠ ᠶᠢᠨ ᠲᠤᠬᠠᠢ ᠶᠠᠷᠢᠶ᠎ᠠ᠃ ᠡᠷ᠎ᠡ ᠬᠥᠮᠦᠨ ᠡᠮᠡᠭᠲᠡᠢ ᠬᠥᠮᠦᠨ ᠳᠦ ᠬᠠᠪᠢᠳᠠᠬᠤ ᠦᠭᠡᠢ ᠨᠢ ᠰᠠᠢᠨ᠃ 2 ᠬᠠᠷᠢᠨ ᠰᠠᠳᠤᠷ ᠰᠠᠮᠠᠭᠤᠨ ᠢ ᠪᠠᠢᠯᠭᠠᠬᠤ ᠦᠭᠡᠢ ᠶᠢᠨ ᠲᠤᠯᠠᠳᠠ ᠡᠷᠡᠭᠲᠡᠢ ᠬᠥᠮᠦᠨ ᠪᠣᠯᠭᠠᠨ ᠭᠡᠷᠭᠡᠢ ᠲᠡᠢ᠂ ᠡᠮᠡᠭᠲᠡᠢ ᠬᠥᠮᠦᠨ ᠪᠣᠯᠭᠠᠨ ᠨᠥᠬᠥᠷ ᠲᠡᠢ ᠪᠠᠢᠭᠠᠷᠠᠢ᠃ 3 ᠨᠥᠬᠥᠷ ᠨᠢ ᠭᠡᠷᠭᠡᠢ ᠳᠡᠭᠡᠨ ᠡᠭᠦᠷᠭᠡ ᠪᠡᠨ ᠭᠦᠢᠴᠡᠳᠬᠡᠨ᠂ ᠭᠡᠷᠭᠡᠢ ᠨᠢ ᠴᠤ ᠨᠥᠬᠥᠷ ᠲᠡᠭᠡᠨ ᠲᠡᠭᠦᠨᠴᠢᠯᠡᠨ ᠬᠢᠭᠡᠷᠡᠢ᠃ 4 ᠭᠡᠷᠭᠡᠢ ᠳᠦᠨᠢ ᠥᠪᠡᠷ ᠦᠨ ᠪᠡᠶ᠎ᠡ ᠳᠡᠭᠡᠨ ᠡᠵᠡᠨ ᠪᠣᠯᠬᠤ ᠡᠷᠬᠡ ᠦᠭᠡᠢ᠂ ᠬᠠᠷᠢᠨ ᠨᠥᠬᠥᠷ ᠲᠤᠨᠢ ᠪᠤᠢ᠃ ᠲᠡᠭᠦᠨᠴᠢᠯᠡᠨ ᠨᠥᠬᠥᠷ ᠲᠤᠨᠢ ᠥᠪᠡᠷ ᠦᠨ ᠪᠡᠶ᠎ᠡ ᠳᠡᠭᠡᠨ ᠡᠵᠡᠨ ᠪᠣᠯᠬᠤ ᠡᠷᠬᠡ ᠦᠭᠡᠢ᠂ ᠬᠠᠷᠢᠨ ᠭᠡᠷᠭᠡᠢ ᠳᠦᠨᠢ ᠪᠤᠢ᠃ 5 ᠬᠠᠨᠢ ᠲᠠᠢ ᠪᠠᠨ ᠬᠠᠷᠢᠯᠴᠠᠬᠤ ᠡᠷᠬᠡ ᠶᠢ ᠪᠦᠦ ᠣᠭᠣᠷ᠂ ᠳᠠᠭᠠᠳᠬᠠᠯ ᠳᠤ ᠵᠣᠷᠢᠭᠤᠯᠤᠨ ᠳᠠᠬᠢᠨ ᠨᠡᠢᠯᠡᠬᠦ ᠪᠡᠷ ᠲᠣᠬᠢᠷᠠᠭᠰᠠᠨ ᠦᠶ᠎ᠡ ᠳᠦ ᠯᠠ ᠲᠦᠷ ᠴᠠᠭ ᠠᠰ ᠠᠰᠳᠠᠭᠠᠨ ᠪᠠᠢᠵᠤ ᠪᠣᠯᠣᠨ᠎ᠠ᠃ ᠳᠠᠬᠢᠨ ᠨᠡᠢᠯᠡᠬᠦ ᠦᠭᠡᠢ ᠪᠣᠯ ᠲᠠ ᠨᠠᠷ ᠪᠡᠶ᠎ᠡ ᠪᠡᠨ ᠪᠠᠷᠢᠵᠤ ᠳᠡᠢᠯᠬᠦ ᠦᠭᠡᠢ ᠪᠣᠯᠬᠣᠷ ᠰᠠᠲ᠋ᠠᠨ ᠳᠤ ᠲᠡᠩᠰᠡᠭᠳᠡᠬᠦ ᠪᠤᠢ᠃ 6 ᠬᠠᠷᠢᠨ ᠡᠳᠡᠭᠡᠷ ᠦᠭᠡ ᠮᠢᠨᠢ ᠵᠠᠷᠯᠢᠭ ᠪᠢᠰᠢ᠂ ᠵᠥᠪᠯᠡᠯᠭᠡ ᠪᠢᠯᠡ᠃ 7 ᠬᠠᠮᠤᠭ ᠬᠥᠮᠦᠨ ᠨᠠᠳᠠ ᠲᠠᠢ ᠠᠳᠠᠯᠢ ᠪᠠᠢᠭᠠᠰᠠᠢ ᠭᠡᠵᠦ ᠪᠢ ᠬᠦᠰᠡᠨ᠎ᠡ᠃ ᠭᠡᠬᠦ ᠳᠦ ᠬᠥᠮᠦᠨ ᠪᠣᠯᠭᠠᠨ ᠳᠤ ᠪᠤᠷᠬᠠᠨ ᠠᠴᠠ ᠬᠦᠷᠲᠡᠭᠡᠭᠰᠡᠨ ᠲᠤᠰ ᠲᠤᠰ ᠤᠨ ᠰᠣᠶᠣᠷᠬᠠᠯ ᠪᠤᠢ᠂ ᠨᠢᠭᠡ ᠨᠢ ᠡᠢᠮᠦ ᠪᠠᠢᠬᠤ ᠳᠤ᠂ ᠨᠥᠭᠥᠭᠡ ᠨᠢ ᠲᠡᠢᠮᠦ ᠪᠠᠢᠳᠠᠭ᠃

8 ᠭᠡᠷᠯᠡᠭᠡ ᠦᠭᠡᠢ ᠬᠥᠮᠦᠨ ᠪᠠ ᠪᠡᠯᠪᠡᠰᠦᠨ ᠡᠮᠡᠭᠲᠡᠢ ᠶᠢᠨ ᠲᠤᠬᠠᠢ ᠭᠡᠪᠡᠯ᠂ ᠲᠡᠳᠡ ᠨᠠᠳᠠ ᠲᠠᠢ ᠠᠳᠠᠯᠢ᠂ ᠪᠠᠢᠭ᠎ᠠ ᠬᠡᠪ ᠢᠶᠡᠷ ᠢᠶᠠᠨ ᠪᠠᠢᠬᠤ ᠨᠢ ᠰᠠᠢᠨ᠃ 9 ᠬᠡᠷᠪᠡ ᠪᠡᠶ᠎ᠡ ᠪᠡᠨ ᠪᠠᠷᠢᠵᠤ ᠳᠡᠢᠯᠬᠦ ᠦᠭᠡᠢ ᠪᠣᠯ ᠭᠡᠷᠯᠡᠭᠡᠷᠡᠢ᠃ ᠲᠠᠴᠢᠶᠠᠬᠤ ᠠᠴᠠ ᠭᠡᠷᠯᠡᠭᠰᠡᠨ ᠨᠢ ᠳᠡᠭᠡᠷ᠎ᠡ᠃

10 ᠭᠡᠷᠯᠡᠭᠰᠡᠨ ᠬᠥᠮᠦᠰ ᠲᠦ ᠲᠤᠰᠢᠶᠠᠶ᠎ᠠ (ᠡᠨᠡ ᠪᠣᠯ ᠮᠢᠨᠦ ᠦᠭᠡ ᠪᠢᠰᠢ᠂ ᠡᠵᠡᠨ ᠦ ᠦᠭᠡ ᠶᠤᠮ᠃)᠃ ᠭᠡᠷᠭᠡᠢ ᠨᠢ ᠨᠥᠬᠥᠷ ᠡᠴᠡ ᠪᠡᠨ ᠰᠠᠯᠵᠤ ᠪᠣᠯᠬᠤ ᠦᠭᠡᠢ 11 (ᠬᠡᠷᠪᠡ ᠰᠠᠯᠤᠭᠰᠠᠨ ᠪᠣᠯ ᠳᠠᠬᠢᠨ ᠭᠡᠷᠯᠡᠬᠦ ᠦᠭᠡᠢ ᠬᠡᠪ ᠢᠶᠡᠷ ᠪᠠᠢ᠂ ᠡᠰᠡᠪᠡᠯ ᠨᠥᠬᠥᠷ ᠲᠡᠢ ᠪᠡᠨ ᠡᠪᠰᠡᠭᠲᠦᠨ)᠂ ᠨᠥᠬᠥᠷ ᠨᠢ ᠴᠤ ᠭᠡᠷᠭᠡᠢ ᠪᠡᠨ ᠬᠠᠶᠠᠵᠤ ᠪᠣᠯᠬᠤ ᠦᠭᠡᠢ᠃

12 ᠪᠤᠰᠤᠳ ᠬᠥᠮᠦᠰ ᠲᠦ ᠬᠡᠯᠡᠶ᠎ᠡ (ᠡᠨᠡ ᠪᠣᠯ ᠡᠵᠡᠨ ᠦ ᠦᠭᠡ ᠪᠢᠰᠢ᠂ ᠮᠢᠨᠦ ᠦᠭᠡ ᠶᠤᠮ᠃)᠃ ᠬᠡᠷᠪᠡ ᠠᠬ᠎ᠠ ᠳᠡᠭᠦᠦ ᠨᠠᠷ ᠤᠨ ᠨᠢᠭᠡ ᠨᠢ ᠢᠲᠡᠭᠡᠭᠴᠢ ᠪᠤᠰᠤ ᠭᠡᠷᠭᠡᠢ ᠲᠡᠢ ᠪᠥᠭᠡᠳ ᠲᠡᠷᠡ ᠭᠡᠷᠭᠡᠢ ᠨᠢ ᠨᠥᠬᠥᠷ ᠲᠡᠢ ᠪᠡᠨ ᠬᠠᠮᠲᠤ ᠰᠠᠭᠤᠬᠤ ᠶᠢ ᠬᠦᠰᠡᠪᠡᠯ ᠲᠡᠭᠦᠨ ᠢ ᠬᠠᠶᠠᠵᠤ ᠪᠣᠯᠬᠤ ᠦᠭᠡᠢ᠃ 13 ᠮᠥᠨ ᠨᠢᠭᠡ ᠡᠮᠡᠭᠲᠡᠢ ᠢᠲᠡᠭᠡᠭᠴᠢ ᠪᠤᠰᠤ ᠨᠥᠬᠥᠷ ᠲᠡᠢ ᠪᠥᠭᠡᠳ ᠨᠥᠬᠥᠷ ᠨᠢ ᠲᠡᠭᠦᠨ ᠲᠡᠢ ᠬᠠᠮᠲᠤ ᠰᠠᠭᠤᠬᠤ ᠶᠢ ᠬᠦᠰᠡᠪᠡᠯ ᠲᠡᠭᠦᠨ ᠢ ᠬᠠᠶᠠᠵᠤ ᠪᠣᠯᠬᠤ ᠦᠭᠡᠢ᠃ 14 ᠤᠴᠢᠷ ᠨᠢ᠂ ᠢᠲᠡᠭᠡᠭᠴᠢ ᠪᠢᠰᠢ ᠨᠥᠬᠥᠷ ᠨᠢ ᠭᠡᠷᠭᠡᠢ ᠡᠴᠡ ᠪᠡᠨ ᠪᠣᠯᠵᠤ ᠠᠷᠢᠭᠤᠳᠬᠠᠭᠳᠠᠨ᠂ ᠢᠲᠡᠭᠡᠭᠴᠢ ᠪᠢᠰᠢ ᠭᠡᠷᠭᠡᠢ ᠨᠢ ᠢᠲᠡᠭᠡᠭᠴᠢ ᠨᠥᠬᠥᠷ ᠡᠴᠡ ᠪᠡᠨ ᠪᠣᠯᠵᠤ ᠠᠷᠢᠭᠤᠳᠬᠠᠭᠳᠠᠭᠰᠠᠨ ᠪᠠᠢᠳᠠᠭ᠃ ᠲᠡᠢᠮᠦ ᠪᠢᠰᠢ ᠪᠣᠯ ᠲᠠ ᠨᠠᠷ ᠤᠨ ᠬᠡᠦᠬᠡᠳ ᠤᠳ ᠴᠡᠪᠡᠷ ᠪᠤᠰᠤ ᠪᠠᠢᠬᠤ ᠰᠠᠨ᠂ ᠬᠠᠷᠢᠨ ᠡᠳᠦᠭᠡ ᠠᠷᠢᠭᠤᠨ ᠪᠠᠢᠨ᠎ᠠ᠃ 15 ᠬᠡᠷᠪᠡ ᠢᠲᠡᠭᠡᠭᠴᠢ ᠪᠢᠰᠢ ᠬᠥᠮᠦᠨ ᠰᠠᠯᠵᠤ ᠶᠠᠪᠤᠶ᠎ᠠ ᠭᠡᠪᠡᠯ ᠶᠠᠪᠤᠭ᠃ ᠠᠬ᠎ᠠ ᠳᠡᠭᠦᠦ ᠴᠤ ᠭᠡᠰᠡᠨ᠂ ᠡᠭᠡᠴᠢ ᠳᠡᠭᠦᠦ ᠴᠤ ᠭᠡᠰᠡᠨ᠂ ᠡᠢᠮᠦ ᠲᠣᠬᠢᠶᠠᠯᠳᠤᠯ ᠳᠤ ᠬᠦᠯᠢᠶᠡᠰᠦᠯᠡᠭᠳᠡᠭᠰᠡᠨ ᠦ ᠬᠡᠷᠡᠭ ᠦᠭᠡᠢ᠂ ᠪᠤᠷᠬᠠᠨ ᠲᠠ ᠨᠠᠷ ᠢ ᠠᠮᠤᠷ ᠠᠮᠤᠭᠤᠯᠠᠩ ᠪᠠᠢᠯᠭᠠᠬᠤ ᠶᠢᠨ ᠲᠤᠯᠠᠳᠠ ᠳᠠᠭᠤᠳᠠᠭᠰᠠᠨ ᠶᠤᠮ᠃ 16 ᠭᠡᠷᠭᠡᠢ ᠪᠣᠯᠣᠭᠰᠠᠨ ᠴᠢ ᠨᠥᠬᠥᠷ ᠢᠶᠡᠨ ᠠᠪᠤᠷᠠᠵᠤ ᠴᠢᠳᠠᠬᠤ ᠡᠰᠡᠬᠦ ᠪᠡᠨ ᠬᠡᠷᠬᠢᠨ ᠮᠡᠳᠡᠬᠦ ᠪᠢᠯᠡ︖ ᠨᠥᠬᠥᠷ ᠪᠣᠯᠣᠭᠰᠠᠨ ᠴᠢ ᠭᠡᠷᠭᠡᠢ ᠪᠡᠨ ᠠᠪᠤᠷᠠᠵᠤ ᠴᠢᠳᠠᠬᠤ ᠡᠰᠡᠬᠦ ᠪᠡᠨ ᠬᠡᠷᠬᠢᠨ ᠮᠡᠳᠡᠬᠦ ᠪᠢᠯᠡ︖

17 ᠡᠵᠡᠨ ᠦ ᠬᠥᠮᠦᠨ ᠪᠦᠷᠢ ᠳᠤ ᠬᠤᠪᠢᠶᠠᠭᠰᠠᠨ ᠶᠣᠰᠣᠭᠠᠷ᠂ ᠪᠤᠷᠬᠠᠨ ᠤ ᠬᠥᠮᠦᠨ ᠪᠦᠷᠢ ᠶᠢ ᠳᠠᠭᠤᠳᠠᠭᠰᠠᠨ ᠢᠶᠠᠷ ᠶᠠᠪᠤᠭᠠᠷᠠᠢ᠃ ᠪᠢ ᠪᠦᠬᠦ ᠴᠢᠭᠤᠯᠭᠠᠨ ᠳᠤ ᠢᠩᠭᠢᠵᠦ ᠵᠠᠬᠢᠳᠠᠭ ᠶᠤᠮ᠃ 18 ᠬᠥᠪᠴᠢᠷᠬᠡᠢ ᠪᠡᠨ ᠬᠥᠨᠳᠡᠭᠦᠯᠦᠭᠰᠡᠨ ᠦ ᠳᠠᠷᠠᠭ᠎ᠠ ᠳᠠᠭᠤᠳᠠᠭᠳᠠᠭᠰᠠᠨ ᠬᠥᠮᠦᠨ ᠪᠠᠢᠨ᠎ᠠ ᠤᠤ︖ ᠲᠡᠢᠮᠦ ᠬᠥᠮᠦᠨ ᠬᠥᠨᠳᠡᠭᠦᠯᠦᠭᠰᠡᠨ ᠢᠶᠡᠨ ᠠᠷᠢᠯᠭᠠᠬᠤ ᠬᠡᠷᠡᠭ ᠦᠭᠡᠢ᠃ ᠬᠥᠪᠴᠢᠷᠬᠡᠢ ᠬᠥᠨᠳᠡᠭᠦᠯᠦᠭᠡ ᠦᠭᠡᠢ ᠪᠠᠷ ᠳᠠᠭᠤᠳᠠᠭᠳᠠᠭᠰᠠᠨ ᠬᠥᠮᠦᠨ ᠪᠠᠢᠨ᠎ᠠ ᠤᠤ︖ ᠲᠡᠢᠮᠦ ᠬᠥᠮᠦᠨ ᠬᠥᠨᠳᠡᠭᠦᠯᠬᠦ ᠬᠡᠷᠡᠭ ᠦᠭᠡᠢ᠃ 19 ᠬᠥᠪᠴᠢᠷᠬᠡᠢ ᠬᠥᠨᠳᠡᠭᠦᠯᠬᠦ ᠨᠢ ᠶᠠᠭᠤ ᠴᠤ ᠪᠢᠰᠢ᠂ ᠬᠥᠨᠳᠡᠭᠦᠯᠬᠦ ᠦᠭᠡᠢ ᠨᠢ ᠴᠤ ᠶᠠᠭᠤ ᠴᠤ ᠪᠢᠰᠢ᠂ ᠪᠤᠷᠬᠠᠨ ᠤ ᠵᠠᠷᠯᠢᠭ ᠢ ᠯᠠ ᠰᠠᠬᠢᠪᠠᠯ ᠪᠣᠯᠣᠨ᠎ᠠ᠃ 20 ᠬᠥᠮᠦᠨ ᠪᠣᠯᠭᠠᠨ ᠳᠠᠭᠤᠳᠠᠭᠳᠠᠭᠰᠠᠨ ᠦᠶ᠎ᠡ ᠶᠢᠨ ᠪᠠᠢᠳᠠᠯ ᠢᠶᠠᠷ ᠢᠶᠠᠨ ᠪᠠᠢᠵᠤ ᠪᠠᠢᠭᠠᠷᠠᠢ᠃

21 ᠴᠢ ᠳᠠᠭᠤᠳᠠᠭᠳᠠᠬᠤ ᠳᠠᠭᠠᠨ ᠪᠣᠭᠣᠯ ᠪᠠᠢᠭᠰᠠᠨ ᠤᠤ︖ ᠪᠦᠦ ᠰᠠᠨᠠᠭ᠎ᠠ ᠵᠣᠪᠠ᠃ ᠭᠡᠪᠡᠴᠦ ᠴᠢ ᠡᠷᠬᠡ ᠴᠢᠯᠥᠭᠡ ᠲᠠᠢ ᠪᠣᠯᠬᠤ ᠵᠠᠪᠰᠢᠶᠠᠨ ᠪᠠᠢᠪᠠᠯ ᠠᠰᠢᠭᠯᠠᠵᠤ ᠪᠣᠯᠣᠨ᠎ᠠ᠃ 22 ᠤᠴᠢᠷ ᠨᠢ᠂ ᠪᠣᠭᠣᠯ ᠪᠠᠢᠬᠤ ᠳᠠᠭᠠᠨ ᠡᠵᠡᠨ ᠦ ᠳᠣᠲᠣᠷ᠎ᠠ ᠳᠠᠭᠤᠳᠠᠭᠳᠠᠭᠰᠠᠨ ᠬᠥᠮᠦᠨ ᠡᠵᠡᠨ ᠦ ᠴᠢᠯᠥᠭᠡᠲᠦ ᠬᠥᠮᠦᠨ ᠮᠥᠨ᠂ ᠡᠭᠦᠨ ᠲᠡᠢ ᠠᠳᠠᠯᠢ ᠪᠠᠷ ᠡᠵᠡᠨ ᠳᠦ ᠳᠠᠭᠤᠳᠠᠭᠳᠠᠬᠤ ᠳᠤ ᠴᠢᠯᠥᠭᠡᠲᠦ ᠪᠠᠢᠭᠰᠠᠨ ᠬᠥᠮᠦᠨ ᠾᠷᠢᠰᠲ᠋ᠣᠰ ᠤᠨ ᠪᠣᠭᠣᠯ ᠶᠤᠮ᠃ 23 ᠪᠤᠷᠬᠠᠨ ᠲᠠ ᠨᠠᠷ ᠢ ᠦᠨ᠎ᠡ ᠲᠥᠯᠥᠪᠥᠷᠢ ᠲᠠᠢ ᠪᠠᠷ ᠬᠤᠳᠠᠯᠳᠤᠨ ᠠᠪᠤᠭᠰᠠᠨ᠂ ᠬᠥᠮᠦᠨ ᠦ ᠪᠣᠭᠣᠯ ᠪᠦᠦ ᠪᠣᠯᠣᠭᠲᠤᠨ᠃ 24 ᠠᠬ᠎ᠠ ᠳᠡᠭᠦᠦ ᠨᠠᠷ ᠡ᠂ ᠲᠠ ᠪᠦᠬᠦᠨ ᠳᠠᠭᠤᠳᠠᠭᠳᠠᠭᠰᠠᠨ ᠦᠶ᠎ᠡ ᠶᠢᠨ ᠪᠠᠢᠳᠠᠯ ᠢᠶᠠᠷ ᠢᠶᠠᠨ ᠪᠤᠷᠬᠠᠨ ᠤ ᠡᠮᠦᠨ᠎ᠡ ᠪᠠᠢᠭᠠᠷᠠᠢ᠃

25 ᠣᠩ᠋ᠭᠣᠨ ᠥᠬᠢᠨ ᠤ ᠲᠤᠬᠠᠢ ᠶᠠᠷᠢᠶ᠎ᠠ᠃ ᠡᠵᠡᠨ ᠦ ᠵᠠᠷᠯᠢᠭ ᠨᠠᠳᠠ ᠳᠤ ᠦᠭᠡᠢ ᠪᠣᠯᠪᠠᠴᠤ ᠡᠵᠡᠨ ᠦ ᠡᠨᠡᠷᠢᠯ ᠢᠶᠠᠷ ᠢᠲᠡᠭᠡᠮᠵᠢᠲᠦ ᠪᠣᠯᠣᠭᠰᠠᠨ ᠪᠢ ᠰᠠᠨᠠᠯ ᠢᠶᠠᠨ ᠳᠤᠷᠠᠳᠤᠶ᠎ᠠ᠃ 26 ᠵᠣᠪᠠᠯᠠᠩ ᠢᠷᠡᠬᠦ ᠤᠴᠢᠷ ᠠᠴᠠ ᠬᠥᠮᠦᠨ ᠣᠳᠣ ᠶᠢᠨ ᠪᠠᠢᠳᠠᠯ ᠢᠶᠠᠷ ᠢᠶᠠᠨ ᠪᠠᠢᠪᠠᠯ ᠰᠠᠢᠨ ᠭᠡᠵᠦ ᠪᠢ ᠪᠣᠳᠣᠳᠠᠭ᠃ 27 ᠴᠢ ᠭᠡᠷᠭᠡᠢ ᠲᠡᠢ ᠤᠤ︖ ᠰᠠᠯᠬᠤ ᠭᠡᠵᠦ ᠪᠦᠦ ᠣᠷᠣᠯᠳᠤ᠃ ᠴᠢ ᠭᠡᠷᠭᠡᠢ ᠦᠭᠡᠢ ᠤᠤ︖ ᠭᠡᠷᠭᠡᠢ ᠲᠡᠢ ᠪᠣᠯᠬᠤ ᠭᠡᠵᠦ ᠪᠦᠦ ᠣᠷᠣᠯᠳᠤ᠃ 28 ᠬᠠᠷᠢᠨ ᠡᠬᠡᠨᠡᠷ ᠠᠪᠤᠭᠰᠠᠨ ᠴᠤ ᠨᠢᠭᠦᠯ ᠦᠢᠯᠡᠳᠬᠦ ᠪᠢᠰᠢ᠂ ᠣᠩ᠋ᠭᠣᠨ ᠥᠬᠢᠨ ᠬᠠᠷᠢ ᠳᠤ ᠮᠣᠷᠳᠠᠭᠰᠠᠨ ᠴᠤ ᠨᠢᠭᠦᠯ ᠦᠢᠯᠡᠳᠬᠦ ᠪᠢᠰᠢ᠂ ᠭᠡᠬᠦ ᠳᠡᠭᠡᠨ ᠡᠳᠡᠭᠡᠷ ᠬᠥᠮᠦᠨ ᠠᠮᠢᠳᠤᠷᠠᠯ ᠳᠠᠭᠠᠨ ᠵᠣᠪᠠᠯᠠᠩ ᠠᠮᠰᠠᠬᠤ ᠪᠣᠯᠣᠨ᠎ᠠ᠃ ᠪᠢ ᠲᠠ ᠨᠠᠷ ᠢ ᠡᠭᠦᠨ ᠡᠴᠡ ᠬᠠᠮᠠᠭᠠᠯᠠᠬᠤ ᠭᠡᠵᠦ ᠪᠠᠢᠨ᠎ᠠ᠃ 29 ᠠᠬ᠎ᠠ ᠳᠡᠭᠦᠦ ᠨᠠᠷ ᠡ᠂ ᠴᠠᠭ ᠤᠬᠤᠷᠬᠠᠨ ᠪᠣᠯᠣᠭᠰᠠᠨ ᠢ ᠲᠠ ᠨᠠᠷ ᠲᠤ ᠰᠠᠨᠠᠭᠤᠯᠤᠶ᠎ᠠ᠃ ᠴᠢᠨᠠᠭᠰᠢᠳᠠ ᠭᠡᠷᠭᠡᠢ ᠲᠡᠢ ᠨᠢ ᠭᠡᠷᠭᠡᠢ ᠦᠭᠡᠢ ᠮᠡᠲᠦ᠂ 30 ᠭᠠᠰᠢᠭᠤᠳᠠᠯ ᠲᠠᠢ ᠨᠢ ᠭᠠᠰᠢᠭᠤᠳᠠᠯ ᠦᠭᠡᠢ ᠮᠡᠲᠦ᠂ ᠪᠠᠶᠠᠰᠬᠤᠯᠠᠩ ᠲᠠᠢ ᠨᠢ ᠪᠠᠶᠠᠰᠬᠤᠯᠠᠩ ᠦᠭᠡᠢ ᠮᠡᠲᠦ᠂ ᠶᠠᠭᠤᠮ᠎ᠠ ᠬᠤᠳᠠᠯᠳᠤᠨ ᠠᠪᠤᠭᠰᠠᠳ ᠨᠢ ᠶᠠᠭᠤᠮ᠎ᠠ ᠦᠭᠡᠢ ᠮᠡᠲᠦ᠂ 31 ᠡᠨᠡ ᠶᠢᠷᠲᠢᠨᠴᠦ ᠶᠢᠨ ᠶᠠᠭᠤᠮ᠎ᠠ ᠶᠢ ᠠᠰᠢᠭᠯᠠᠭᠴᠢ ᠨᠢ ᠠᠰᠢᠭᠯᠠᠳᠠᠭ ᠦᠭᠡᠢ ᠮᠡᠲᠦ ᠠᠮᠢᠳᠤᠷᠠ᠃ ᠡᠨᠡ ᠶᠢᠷᠲᠢᠨᠴᠦ ᠶᠢᠨ ᠠᠯᠢᠪᠠ ᠪᠠᠢᠳᠠᠯ ᠥᠩᠭᠡᠷᠡᠵᠦ ᠪᠠᠢᠨ᠎ᠠ᠃

32 ᠲᠠ ᠨᠠᠷ ᠤᠨ ᠰᠠᠨᠠᠭ᠎ᠠ ᠵᠣᠪᠠᠬᠤ ᠦᠭᠡᠢ ᠪᠠᠢᠬᠤ ᠶᠢ ᠬᠦᠰᠡᠶ᠎ᠡ᠃ ᠭᠡᠷᠯᠡᠭᠡ ᠦᠭᠡᠢ ᠡᠷᠡᠭᠲᠡᠢ ᠨᠢ ᠡᠵᠡᠨ ᠢ ᠬᠡᠷᠬᠢᠨ ᠪᠠᠶᠠᠷᠯᠠᠭᠤᠯᠬᠤ ᠪᠤᠢ ᠬᠡᠮᠡᠨ ᠡᠵᠡᠨ ᠦ ᠶᠠᠪᠤᠳᠠᠯ ᠤᠳ ᠲᠤ ᠰᠠᠨᠠᠭ᠎ᠠ ᠲᠠᠯᠪᠢᠳᠠᠭ ᠪᠣᠯ᠂ 33 ᠭᠡᠷᠯᠡᠭᠰᠡᠨ ᠡᠷᠡᠭᠲᠡᠢ ᠨᠢ ᠭᠡᠷᠭᠡᠢ ᠪᠡᠨ ᠬᠡᠷᠬᠢᠨ ᠪᠠᠶᠠᠷᠯᠠᠭᠤᠯᠬᠤ ᠪᠤᠢ ᠬᠡᠮᠡᠨ ᠶᠢᠷᠲᠢᠨᠴᠦ ᠶᠢᠨ ᠶᠠᠪᠤᠳᠠᠯ ᠤᠳ ᠲᠤ ᠰᠠᠨᠠᠭ᠎ᠠ ᠲᠠᠯᠪᠢᠳᠠᠭ ᠪᠣᠯᠬᠣᠷ 34 ᠰᠡᠳᠬᠢᠯ ᠨᠢ ᠬᠤᠪᠢᠶᠠᠭᠳᠠᠳᠠᠭ᠃ ᠭᠡᠷᠯᠡᠭᠡ ᠦᠭᠡᠢ ᠡᠮᠡᠭᠲᠡᠢ ᠪᠤᠶᠤ ᠣᠩ᠋ᠭᠣᠨ ᠥᠬᠢᠨ᠂ ᠪᠡᠶ᠎ᠡ ᠪᠠ ᠰᠦᠨᠡᠰᠦ ᠪᠡᠨ ᠠᠷᠢᠭᠤᠨ ᠪᠠᠢᠯᠭᠠᠬᠤ ᠭᠡᠵᠦ ᠡᠵᠡᠨ ᠦ ᠶᠠᠪᠤᠳᠠᠯ ᠳᠤ ᠰᠠᠨᠠᠭ᠎ᠠ ᠲᠠᠯᠪᠢᠳᠠᠭ ᠪᠣᠯ᠂ ᠭᠡᠷᠯᠡᠭᠰᠡᠨ ᠡᠮᠡᠭᠲᠡᠢ ᠨᠢ ᠨᠥᠬᠥᠷ ᠢᠶᠡᠨ ᠬᠡᠷᠬᠢᠨ ᠪᠠᠶᠠᠷᠯᠠᠭᠤᠯᠬᠤ ᠪᠤᠢ ᠬᠡᠮᠡᠨ ᠶᠢᠷᠲᠢᠨᠴᠦ ᠶᠢᠨ ᠶᠠᠪᠤᠳᠠᠯ ᠳᠤ ᠰᠠᠨᠠᠭ᠎ᠠ ᠲᠠᠯᠪᠢᠳᠠᠭ᠃ 35 ᠲᠠ ᠨᠠᠷ ᠲᠤ ᠲᠤᠱᠠ ᠪᠢᠰᠢ᠂ ᠬᠠᠷᠢᠨ ᠲᠤᠰᠠ ᠪᠣᠯᠵᠤ ᠲᠠ ᠨᠠᠷ ᠢ ᠵᠠᠮᠪᠠᠷᠠᠭ᠎ᠠ ᠲᠠᠢ᠂ ᠰᠡᠳᠬᠢᠯ ᠬᠤᠪᠢᠶᠠᠭᠳᠠᠬᠤ ᠦᠭᠡᠢ ᠪᠠᠷ ᠡᠵᠡᠨ ᠳᠦ ᠦᠢᠯᠡᠴᠢᠯᠡᠭᠡᠰᠡᠢ ᠭᠡᠰᠡᠨ ᠳᠡᠭᠡᠨ ᠪᠢ ᠡᠭᠦᠨ ᠢ ᠬᠡᠯᠡᠵᠦ ᠪᠠᠢᠨ᠎ᠠ᠃

36 ᠬᠡᠷᠪᠡ ᠬᠡᠨ ᠨᠢᠭᠡ ᠨᠢ ᠭᠡᠷᠯᠡᠬᠦ ᠱᠠᠭᠠᠷᠳᠠᠯᠭ᠎ᠠ ᠲᠠᠢ᠂ ᠰᠦᠢᠲᠦ ᠪᠦᠰᠡᠭᠦᠢ ᠨᠢ ᠴᠤ ᠨᠠᠰᠤᠨ ᠳᠤ ᠬᠦᠷᠦᠭᠰᠡᠨ ᠪᠥᠭᠡᠳ ᠭᠡᠷᠯᠡᠬᠦ ᠡᠴᠡ ᠪᠤᠴᠠᠬᠤ ᠨᠢ ᠵᠦᠢ ᠪᠤᠰᠤ ᠭᠡᠵᠦ ᠪᠣᠳᠣᠪᠠᠯ ᠲᠡᠷᠡ ᠬᠥᠮᠦᠨ ᠬᠦᠰᠡᠭᠰᠡᠨ ᠢᠶᠡᠷ ᠢᠶᠠᠨ ᠬᠢᠭᠲᠦᠨ᠂ ᠢᠩᠭᠢᠬᠦ ᠨᠢ ᠨᠢᠭᠦᠯ ᠦᠢᠯᠡᠳᠴᠦ ᠪᠠᠢᠭ᠎ᠠ ᠪᠢᠰᠢ ᠲᠤᠯᠠ ᠭᠡᠷᠯᠡᠵᠦ ᠪᠣᠯᠣᠨ᠎ᠠ᠃ 37 ᠬᠠᠷᠢᠨ ᠲᠡᠷᠡ ᠬᠥᠮᠦᠨ ᠰᠡᠳᠬᠢᠯ ᠳᠡᠭᠡᠨ ᠪᠠᠲᠤ ᠵᠣᠭᠰᠣᠯᠲᠠ ᠲᠠᠢ᠂ ᠵᠠᠪᠠᠯ ᠭᠡᠷᠯᠡᠬᠦ ᠱᠠᠭᠠᠷᠳᠠᠯᠭ᠎ᠠ ᠦᠭᠡᠢ᠂ ᠬᠦᠰᠡᠯ ᠢᠶᠡᠨ ᠪᠠᠷᠢᠬᠤ ᠴᠢᠳᠠᠪᠤᠷᠢ ᠲᠠᠢ ᠪᠣᠯ ᠥᠪᠡᠷ ᠦᠨ ᠰᠠᠨᠠᠭ᠎ᠠ ᠪᠠᠨ ᠵᠠᠬᠢᠷᠴᠤ ᠰᠦᠢᠲᠦ ᠪᠦᠰᠡᠭᠦᠢ ᠪᠡᠨ ᠬᠡᠪ ᠢᠶᠡᠷ ᠨᠢ ᠪᠠᠢᠯᠭᠠᠬᠤ ᠪᠠᠷ ᠰᠢᠢᠳᠦᠭᠰᠡᠨ ᠴᠤ ᠵᠥᠪ ᠶᠤᠮ᠃ 38 ᠡᠢᠨ ᠬᠦ ᠰᠦᠢᠲᠦ ᠪᠦᠰᠡᠭᠦᠢ ᠲᠡᠢ ᠪᠠᠨ ᠭᠡᠷᠯᠡᠬᠦ ᠨᠢ ᠰᠠᠢᠨ᠂ ᠡᠰᠡ ᠭᠡᠷᠯᠡᠬᠦ ᠨᠢ ᠨᠡᠩ ᠰᠠᠢᠨ᠃

39 ᠨᠥᠬᠥᠷ ᠢᠶᠡᠨ ᠠᠮᠢᠳᠤ ᠪᠠᠢᠭ᠎ᠠ ᠦᠶ᠎ᠡ ᠳᠦ ᠭᠡᠷᠭᠡᠢ ᠨᠢ ᠬᠦᠯᠢᠶᠡᠰᠦᠯᠡᠭᠳᠡᠵᠦ ᠪᠠᠢᠳᠠᠭ᠃ ᠨᠥᠬᠥᠷ ᠨᠢ ᠨᠠᠰᠤ ᠪᠠᠷᠠᠪᠠᠯ ᠲᠡᠷᠡ ᠬᠦᠰᠡᠭᠰᠡᠨ ᠬᠥᠮᠦᠨ ᠲᠡᠢ ᠪᠡᠨ ᠭᠡᠷᠯᠡᠬᠦ ᠡᠷᠬᠡ ᠴᠢᠯᠥᠭᠡᠲᠡᠢ᠂ ᠭᠡᠬᠦ ᠳᠡᠭᠡᠨ ᠵᠥᠪᠬᠡᠨ ᠡᠵᠡᠨ ᠦ ᠳᠣᠲᠣᠷᠠᠬᠢ ᠬᠥᠮᠦᠨ ᠲᠡᠢ ᠯᠠ ᠭᠡᠷᠯᠡᠵᠦ ᠪᠣᠯᠣᠨ᠎ᠠ᠃ 40 ᠬᠠᠷᠢᠨ ᠮᠢᠨᠦ ᠪᠣᠳᠣᠯ ᠢᠶᠠᠷ ᠨᠥᠭᠥᠭᠡ ᠪᠦᠰᠡᠭᠦᠢ ᠬᠡᠪ ᠢᠶᠡᠷ ᠢᠶᠠᠨ ᠠᠮᠢᠳᠤᠷᠠᠪᠠᠯ ᠢᠯᠡᠭᠦᠦ ᠪᠤᠶᠠᠨ ᠲᠠᠢ᠃ ᠨᠠᠳᠠ ᠳᠤ ᠴᠤ ᠪᠤᠷᠬᠠᠨ ᠤ ᠰᠦᠨᠡᠰᠦ ᠪᠠᠢᠳᠠᠭ ᠭᠡᠵᠦ ᠪᠢ ᠪᠣᠳᠣᠳᠠᠭ᠃