1 2 3 4 5 6 7 8 9 10 11 12 13 14 15 16


ᠨᠢᠭᠡᠳᠦᠭᠡᠷ ᠺᠣᠷᠢᠨᠲ ᠬᠣᠶᠠᠷ
 ᠠᠷᠢᠭᠤᠨ ᠰᠦᠨᠡᠰᠦᠨ ᠳᠦ ᠨᠠᠢᠳᠠᠬᠤ

1 ᠠᠬ᠎ᠠ ᠳᠡᠭᠦᠦ ᠨᠠᠷ ᠡ᠂ ᠪᠢ ᠲᠠᠨ ᠤ ᠲᠡᠨᠳᠡ ᠣᠴᠢᠬᠤ ᠳᠠᠭᠠᠨ ᠪᠤᠷᠬᠠᠨ ᠤ ᠨᠢᠭᠤᠴᠠ ᠶᠢ ᠰᠣᠳᠣᠨ ᠶᠠᠷᠢᠶ᠎ᠠ᠂ ᠮᠡᠷᠭᠡᠨ ᠤᠬᠠᠭᠠᠨ ᠢᠶᠠᠷ ᠤᠯᠠᠮᠵᠢᠯᠠᠭ᠎ᠠ ᠦᠭᠡᠢ᠃ 2 ᠪᠢ ᠲᠠ ᠨᠠᠷ ᠤᠨ ᠳᠤᠮᠳᠠ ᠪᠠᠢᠬᠤ ᠳᠠᠭᠠᠨ ᠢᠰᠦ᠋ᠰ ᠾᠷᠢᠰᠲ᠋ᠣᠰ᠂ ᠲᠤᠬᠠᠢᠯᠠᠪᠠᠯ ᠵᠠᠭᠠᠯᠮᠠᠢ ᠳᠤ ᠴᠣᠪᠳᠣᠯᠠᠭᠳᠠᠭᠰᠠᠨ ᠲᠡᠭᠦᠨ ᠡᠴᠡ ᠥᠭᠡᠷ᠎ᠡ ᠶᠠᠭᠤᠨ ᠳᠤ ᠴᠤ ᠰᠠᠨᠠᠭ᠎ᠠ ᠲᠠᠯᠪᠢᠬᠤ ᠦᠭᠡᠢ ᠭᠡᠵᠦ ᠰᠢᠢᠳᠦᠭᠰᠡᠨ᠃ 3 ᠪᠢ ᠲᠠ ᠨᠠᠷ ᠲᠠᠢ ᠬᠠᠮᠲᠤ ᠪᠠᠢᠬᠤ ᠳᠠᠭᠠᠨ ᠰᠤᠯᠠ ᠳᠣᠷᠣᠢ᠂ ᠠᠢᠳᠠᠰ ᠲᠠᠢ᠂ ᠶᠡᠬᠡᠳᠡ ᠴᠡᠴᠡᠷᠡᠯ ᠲᠡᠢ ᠪᠠᠢᠭᠰᠠᠨ᠃ 4 ᠮᠢᠨᠦ ᠦᠭᠡ ᠪᠣᠯᠣᠨ ᠮᠢᠨᠦ ᠰᠤᠷᠭᠠᠯ ᠨᠢ ᠰᠡᠳᠬᠢᠯ ᠢ ᠲᠠᠲᠠᠮ᠎ᠠ ᠤᠷᠠᠨ ᠰᠡᠴᠡᠨ ᠦᠭᠡᠰ ᠪᠢᠰᠢ᠂ ᠬᠠᠷᠢᠨ ᠠᠷᠢᠭᠤᠨ ᠰᠦᠨᠡᠰᠦ ᠪᠠ ᠬᠦᠴᠦᠨ ᠦ ᠢᠯᠡᠷᠡᠭᠦᠯᠦᠯ ᠶᠤᠮ᠃ 5 ᠡᠢᠨ ᠬᠦ ᠲᠠ ᠨᠠᠷ ᠤᠨ ᠢᠲᠡᠭᠡᠯ ᠢ ᠬᠥᠮᠦᠨ ᠦ ᠮᠡᠷᠭᠡᠨ ᠤᠬᠠᠭᠠᠨ ᠳᠤ ᠪᠢᠰᠢ᠂ ᠪᠤᠷᠬᠠᠨ ᠤ ᠬᠦᠴᠦᠨ ᠳᠦ ᠪᠠᠢᠯᠭᠠᠬᠤ ᠭᠡᠰᠡᠨ ᠶᠤᠮ᠃

6 ᠬᠠᠷᠢᠨ ᠪᠢᠳᠡ ᠲᠥᠯᠥᠪᠰᠢᠭᠰᠡᠨ ᠬᠥᠮᠦᠰ ᠦᠨ ᠳᠤᠮᠳᠠ ᠮᠡᠷᠭᠡᠨ ᠤᠬᠠᠭᠠᠨ ᠢ ᠶᠠᠷᠢᠨ᠎ᠠ᠃ ᠡᠨᠡ ᠮᠡᠷᠭᠡᠨ ᠤᠬᠠᠭᠠᠨ ᠨᠢ ᠡᠨᠡ ᠦᠶ᠎ᠡ ᠶᠢᠨ ᠬᠢ ᠪᠢᠰᠢ᠂ ᠡᠨᠡ ᠦᠶ᠎ᠡ ᠶᠢᠨ ᠮᠥᠬᠥᠭᠡᠭᠳᠡᠬᠦ ᠵᠠᠬᠢᠷᠤᠭᠴᠢᠳ ᠤᠨ ᠬᠢ ᠴᠤ ᠪᠢᠰᠢ᠂ 7 ᠬᠠᠷᠢᠨ ᠳᠠᠯᠳᠠᠯᠠᠭᠳᠠᠵᠤ ᠪᠠᠢᠭᠰᠠᠨ ᠪᠤᠷᠬᠠᠨ ᠤ ᠨᠢᠭᠤᠴᠠ ᠶᠢᠨ ᠮᠡᠷᠭᠡᠨ ᠤᠬᠠᠭᠠᠨ ᠪᠢᠯᠡ᠃ ᠡᠭᠦᠨ ᠢ ᠪᠤᠷᠬᠠᠨ ᠪᠢᠳᠡᠨ ᠦ ᠠᠯᠳᠠᠷ ᠰᠤᠤ ᠶᠢᠨ ᠲᠥᠯᠥᠭᠡ ᠭᠠᠯᠪᠠ ᠶᠢᠷᠲᠢᠨᠴᠦ ᠡᠴᠡ ᠡᠮᠦᠨ᠎ᠡ ᠲᠣᠭᠲᠠᠭᠠᠭᠰᠠᠨ ᠪᠠᠢᠪᠠ᠃ 8 ᠡᠨᠡ ᠮᠡᠷᠭᠡᠨ ᠤᠬᠠᠭᠠᠨ ᠢ ᠡᠨᠡ ᠦᠶ᠎ᠡ ᠶᠢᠨ ᠵᠠᠬᠢᠷᠤᠭᠴᠢᠳ ᠤᠨ ᠬᠡᠨ ᠨᠢ ᠴᠤ ᠮᠡᠳᠡᠭᠰᠡᠨ ᠦᠭᠡᠢ᠂ ᠮᠡᠳᠡᠭᠰᠡᠨ ᠪᠣᠯ ᠠᠯᠳᠠᠷ ᠰᠤᠤ ᠶᠢᠨ ᠡᠵᠡᠨ ᠢ ᠵᠠᠭᠠᠯᠮᠠᠢ ᠳᠡᠭᠡᠷ᠎ᠡ ᠴᠣᠪᠳᠣᠯᠠᠬᠤ ᠦᠭᠡᠢ ᠪᠠᠢᠭᠰᠠᠨ᠃ 9 ᠡᠨᠡ ᠨᠢ 《ᠨᠢᠳᠦᠨ ᠳᠦ ᠦᠵᠡᠭᠳᠡᠭᠡ ᠦᠭᠡᠢ᠂ ᠴᠢᠬᠢᠨ ᠳᠤ ᠰᠣᠨᠣᠰᠳᠠᠭ᠎ᠠ ᠦᠭᠡᠢ᠂ ᠪᠣᠳᠣᠯ ᠰᠠᠨᠠᠭᠠᠨ ᠳᠤ ᠣᠷᠣᠭ᠎ᠠ ᠦᠭᠡᠢ ᠵᠦᠢᠯᠡᠰ ᠢ ᠪᠤᠷᠬᠠᠨ ᠥᠪᠡᠷ ᠢ ᠨᠢ ᠬᠠᠢᠷᠠᠯᠠᠭᠰᠠᠳ ᠤᠨ ᠲᠥᠯᠥᠭᠡ ᠪᠡᠯᠡᠳᠬᠡᠭᠰᠡᠨ ᠪᠠᠢᠳᠠᠭ》 ᠭᠡᠵᠦ ᠪᠢᠴᠢᠭᠳᠡᠭᠰᠡᠨ ᠲᠡᠢ ᠠᠳᠠᠯᠢ᠃ 10 ᠪᠤᠷᠬᠠᠨ ᠡᠳᠡᠭᠡᠷ ᠢ ᠠᠷᠢᠭᠤᠨ ᠰᠦᠨᠡᠰᠦ ᠪᠡᠷ ᠳᠠᠮᠵᠢᠭᠤᠯᠤᠨ ᠪᠢᠳᠡᠨ ᠳᠦ ᠢᠯᠡᠷᠬᠡᠶᠢᠯᠡᠵᠡᠢ᠃ ᠠᠷᠢᠭᠤᠨ ᠰᠦᠨᠡᠰᠦ ᠪᠦᠬᠦ ᠶᠠᠭᠤᠮ᠎ᠠ ᠶᠢ ᠪᠤᠷᠬᠠᠨ ᠤ ᠭᠦᠨ ᠳᠦ ᠬᠦᠷᠲᠡᠯ᠎ᠡ ᠡᠷᠢᠵᠦ ᠤᠯᠳᠠᠭ᠃ 11 ᠬᠥᠮᠦᠨ ᠦ ᠳᠣᠲᠣᠷᠠᠬᠢ ᠶᠢ ᠬᠥᠮᠦᠨ ᠦ ᠳᠣᠲᠣᠷᠠᠬᠢ ᠰᠦᠨᠡᠰᠦᠨ ᠡᠴᠡ ᠥᠭᠡᠷ᠎ᠡ ᠬᠡᠨ ᠮᠡᠳᠡᠬᠦ ᠪᠢᠯᠡ︖ ᠲᠡᠭᠦᠨᠴᠢᠯᠡᠨ ᠪᠤᠷᠬᠠᠨ ᠤ ᠳᠣᠲᠣᠷᠠᠬᠢ ᠶᠢ ᠪᠤᠷᠬᠠᠨ ᠤ ᠰᠦᠨᠡᠰᠦ ᠡᠴᠡ ᠥᠭᠡᠷ᠎ᠡ ᠬᠡᠨ ᠴᠤ ᠮᠡᠳᠡᠳᠡᠭ ᠦᠭᠡᠢ᠃ 12 ᠪᠢᠳᠡ ᠶᠢᠷᠲᠢᠨᠴᠦ ᠶᠢᠨ ᠰᠦᠨᠡᠰᠦ ᠶᠢ ᠪᠢᠰᠢ᠂ ᠬᠠᠷᠢᠨ ᠪᠤᠷᠬᠠᠨ ᠤ ᠰᠦᠨᠡᠰᠦ ᠶᠢ ᠬᠦᠷᠲᠡᠭᠰᠡᠨ ᠶᠤᠮ᠃ ᠡᠭᠦᠨ ᠢᠶᠡᠷ ᠪᠢᠳᠡ ᠪᠤᠷᠬᠠᠨ ᠤ ᠰᠣᠶᠣᠷᠬᠠᠭᠰᠠᠨ ᠵᠦᠢᠯᠡᠰ ᠢ ᠮᠡᠳᠡᠬᠦ ᠪᠣᠯᠣᠨ᠎ᠠ᠃ 13 ᠪᠢᠳᠡ ᠡᠳᠡᠭᠡᠷ ᠢ ᠬᠥᠮᠦᠨ ᠦ ᠵᠢᠭᠠᠭᠰᠠᠨ ᠮᠡᠷᠭᠡᠨ ᠦᠭᠡ ᠪᠡᠷ ᠪᠢᠰᠢ᠂ ᠬᠠᠷᠢᠨ ᠠᠷᠢᠭᠤᠨ ᠰᠦᠨᠡᠰᠦᠨ ᠦ ᠵᠢᠭᠠᠭᠰᠠᠨ ᠦᠭᠡ ᠪᠡᠷ᠂ ᠲᠤᠬᠠᠢᠯᠠᠪᠠᠯ ᠰᠦᠨᠡᠰᠦᠯᠢᠭ ᠵᠦᠢᠯᠡᠰ ᠢ ᠰᠦᠨᠡᠰᠦᠯᠢᠭ ᠵᠦᠢᠯᠡᠰ ᠢᠶᠡᠷ ᠲᠠᠢᠯᠪᠤᠷᠢᠯᠠᠨ ᠶᠠᠷᠢᠳᠠᠭ ᠪᠠᠢᠨ᠎ᠠ᠃

14 ᠬᠠᠷᠢᠨ ᠰᠦᠨᠡᠰᠦᠯᠢᠭ ᠪᠤᠰᠤ ᠬᠥᠮᠦᠨ ᠪᠣᠯ ᠪᠤᠷᠬᠠᠨ ᠤ ᠰᠦᠨᠡᠰᠦᠯᠢᠭ ᠵᠦᠢᠯᠡᠰ ᠢ ᠬᠦᠯᠢᠶᠡᠨ ᠠᠪᠬᠤ ᠦᠭᠡᠢ᠂ ᠮᠤᠩ᠋ᠬᠠᠭ ᠭᠡᠵᠦ ᠦᠵᠡᠳᠡᠭ ᠪᠣᠯᠬᠣᠷ ᠣᠢᠯᠠᠭᠠᠵᠤ ᠳᠡᠢᠯᠳᠡᠭ ᠦᠭᠡᠢ᠃ ᠡᠳᠡᠭᠡᠷ ᠨᠢ ᠰᠦᠨᠡᠰᠦ ᠪᠡᠷ ᠯᠠ ᠮᠠᠭᠠᠳᠯᠠᠭᠳᠠᠨ᠎ᠠ᠃ 15 ᠰᠦᠨᠡᠰᠦᠯᠢᠭ ᠬᠥᠮᠦᠨ ᠡᠨᠡ ᠪᠦᠬᠦᠨ ᠢ ᠲᠠᠨᠢᠨ ᠮᠠᠭᠠᠳᠯᠠᠳᠠᠭ ᠪᠣᠯᠪᠠᠴᠤ ᠥᠪᠡᠷ ᠢᠶᠡᠨ ᠬᠡᠨ ᠳᠦ ᠴᠤ ᠮᠠᠭᠠᠳᠯᠠᠭᠳᠠᠳᠠᠭ ᠦᠭᠡᠢ᠃ 16 《ᠬᠡᠨ ᠡᠵᠡᠨ ᠦ ᠪᠣᠳᠣᠯ ᠢ ᠮᠡᠳᠡᠵᠦ᠂ ᠲᠡᠭᠦᠨ ᠳᠦ ᠵᠢᠭᠠᠪᠤᠷᠢᠯᠠᠬᠤ ᠪᠢᠯᠡ︖》᠂ ᠬᠠᠷᠢᠨ ᠾᠷᠢᠰᠲ᠋ᠣᠰ ᠤᠨ ᠪᠣᠳᠣᠯ ᠪᠢᠳᠡᠨ ᠳᠦ ᠪᠤᠢ᠃