1 2 3 4 5 6 7 8 9 10 11 12 13 14 15 16


ᠨᠢᠭᠡᠳᠦᠭᠡᠷ ᠺᠣᠷᠢᠨᠲ ᠠᠷᠪᠠ
 ᠢᠰᠷᠧᠯ ᠤᠨ ᠪᠤᠷᠤᠭᠤ ᠶᠢ ᠪᠦᠦ ᠳᠠᠭ᠎ᠠ

1 ᠠᠬ᠎ᠠ ᠳᠡᠭᠦᠦ ᠨᠠᠷ ᠡ᠂ ᠡᠭᠦᠨ ᠢ ᠮᠡᠳᠡᠬᠦ ᠦᠭᠡᠢ ᠪᠠᠢᠬᠤ ᠶᠢ ᠴᠢᠨᠢ ᠪᠢ ᠬᠦᠰᠡᠬᠦ ᠦᠭᠡᠢ ᠪᠠᠢᠨ᠎ᠠ᠄ ᠮᠠᠨ ᠤ ᠡᠪᠦᠭᠡ ᠳᠡᠭᠡᠳᠦᠰ ᠪᠦᠭᠦᠳᠡᠭᠡᠷ ᠢᠶᠡᠨ ᠡᠭᠦᠯᠡᠨ ᠦ ᠳᠣᠣᠷ᠎ᠠ ᠪᠠᠢᠭᠰᠠᠨ ᠪᠥᠭᠡᠳ ᠳᠠᠯᠠᠢ ᠪᠠᠷ ᠭᠡᠲᠦᠯᠦᠨ ᠭᠠᠷᠴᠤ᠂ 2 ᠪᠦᠭᠦᠳᠡᠭᠡᠷ ᠢᠶᠡᠨ ᠡᠭᠦᠯᠡ ᠪᠠ ᠳᠠᠯᠠᠢ ᠶᠢᠨ ᠳᠣᠲᠣᠷ᠎ᠠ ᠤᠬᠢᠶᠠᠯ ᠬᠦᠷᠲᠡᠵᠦ ᠮᠣᠰᠧ ᠶᠢᠨ ᠬᠢ ᠪᠣᠯᠣᠭᠰᠠᠨ᠂ 3 ᠪᠦᠭᠦᠳᠡᠭᠡᠷ ᠢᠶᠡᠨ ᠠᠳᠠᠯᠢᠬᠠᠨ ᠰᠦᠨᠡᠰᠦᠯᠢᠭ ᠬᠣᠭᠣᠯᠠ ᠢᠳᠡᠨ᠂ 4 ᠪᠦᠭᠦᠳᠡᠭᠡᠷ ᠢᠶᠡᠨ ᠠᠳᠠᠯᠢᠬᠠᠨ ᠰᠦᠨᠡᠰᠦᠯᠢᠭ ᠤᠮᠳᠠᠭᠠᠨ ᠤᠤᠭᠤᠵᠤ᠂ ᠥᠪᠡᠷᠰᠡᠳ ᠢ ᠨᠢ ᠳᠠᠭᠠᠵᠤ ᠪᠠᠢᠭᠰᠠᠨ ᠰᠦᠨᠡᠰᠦᠯᠢᠭ ᠬᠠᠳᠠᠨ ᠠᠴᠠ ᠤᠤᠭᠤᠭᠰᠠᠨ ᠶᠤᠮ᠃ ᠲᠡᠷᠡ ᠬᠠᠳᠠ ᠨᠢ ᠾᠷᠢᠰᠲ᠋ᠣᠰ ᠮᠥᠨ᠃ 5 ᠭᠡᠪᠡᠴᠦ ᠪᠤᠷᠬᠠᠨ ᠲᠡᠳᠡᠨ ᠦ ᠣᠯᠠᠩᠬᠢ ᠶᠢ ᠨᠢ ᠲᠠᠭᠠᠯᠠᠭᠰᠠᠨ ᠦᠭᠡᠢ᠂ ᠡᠢᠨ ᠬᠦ ᠲᠡᠳᠡᠨ ᠦ ᠬᠡᠭᠦᠷ ᠴᠥᠯ ᠳᠤ ᠬᠠᠶᠠᠭᠳᠠᠵᠠᠢ᠃

6 ᠡᠳᠡᠭᠡᠷ ᠨᠢ ᠪᠢᠳᠡᠨ ᠳᠦ ᠲᠡᠳᠡᠨ ᠦ ᠮᠠᠭᠤ ᠶᠢ ᠮᠥᠷᠥᠭᠡᠳᠦᠭᠰᠡᠨ ᠰᠢᠭ ᠮᠠᠭᠤ ᠶᠢ ᠮᠥᠷᠥᠭᠡᠳᠴᠦ ᠪᠣᠯᠬᠤ ᠦᠭᠡᠢ ᠶᠢᠨ ᠵᠢᠱᠢᠶ᠎ᠡ 6 ᠪᠣᠯᠣᠭᠰᠠᠨ ᠶᠤᠮ᠃ 7 ᠲᠡᠳᠡᠨ ᠦ ᠵᠠᠷᠢᠮ ᠨᠢ ᠰᠢᠭ᠋ ᠰᠢᠲᠦᠭᠡᠨ ᠳᠦ ᠪᠦᠦ ᠮᠥᠷᠭᠥᠭᠲᠦᠨ᠂ ᠲᠡᠳᠡᠨ ᠦ ᠲᠤᠬᠠᠢ 《ᠠᠷᠠᠳ ᠲᠦᠮᠡᠨ ᠰᠠᠭᠤᠭᠠᠳ ᠢᠳᠡᠵᠦ ᠤᠤᠭᠤᠵᠠᠭᠠᠨ᠂ ᠪᠣᠰᠣᠭᠠᠳ ᠴᠡᠩᠭᠡᠯᠳᠦᠵᠡᠭᠡᠭᠰᠡᠨ》 ᠭᠡᠵᠦ ᠪᠢᠴᠢᠭᠳᠡᠭᠰᠡᠨ ᠪᠠᠢᠳᠠᠭ᠃ 8 ᠪᠢᠳᠡ ᠮᠥᠨ ᠲᠡᠳᠡᠨ ᠲᠡᠢ ᠠᠳᠠᠯᠢ ᠪᠠᠷ ᠵᠠᠪᠬᠠᠢᠷᠠᠵᠤ ᠪᠣᠯᠬᠤ ᠦᠭᠡᠢ᠂ ᠨᠢᠭᠡᠯᠬᠡᠨ ᠡᠳᠦᠷ ᠲᠦ ᠲᠡᠳᠡᠨ ᠦ ᠬᠣᠶᠠᠷ ᠲᠦᠮᠡ ᠭᠤᠷᠪᠠᠨ ᠮᠢᠩ᠋ᠭᠠᠨ ᠬᠥᠮᠦᠨ ᠨᠢ ᠦᠬᠦᠭᠰᠡᠨ ᠪᠠᠢᠳᠠᠭ᠃ 9 ᠪᠢᠳᠡ ᠮᠥᠨ ᠾᠷᠢᠰᠲ᠋ᠣᠰ ᠢ ᠲᠡᠩᠰᠡᠵᠦ ᠪᠣᠯᠬᠤ ᠦᠭᠡᠢ᠂ ᠲᠡᠳᠡᠨ ᠦ ᠵᠠᠷᠢᠮ ᠨᠢ ᠡᠵᠡᠨ ᠢ ᠲᠡᠩᠰᠡᠭᠡᠳ ᠮᠣᠭᠠᠢ ᠳᠤ ᠬᠠᠳᠬᠤᠭᠳᠠᠵᠤ ᠦᠬᠦᠭᠰᠡᠨ ᠪᠠᠢᠳᠠᠭ᠃ 10 ᠲᠠ ᠨᠠᠷ ᠪᠦᠦ ᠭᠣᠮᠣᠳᠠᠯ ᠲᠣᠭᠠᠴᠢᠵᠠᠭ᠎ᠠ᠂ ᠲᠡᠳᠡᠨ ᠦ ᠵᠠᠷᠢᠮ ᠨᠢ ᠭᠣᠮᠣᠳᠠᠯ ᠲᠣᠭᠠᠴᠢᠭᠠᠳ ᠰᠥᠨᠥᠭᠡᠭᠴᠢ ᠳᠤ ᠰᠥᠨᠥᠭᠡᠭᠳᠡᠭᠰᠡᠨ᠃ 11 ᠡᠳᠡᠭᠡᠷ ᠨᠢ ᠲᠡᠳᠡᠨ ᠳᠦ ᠲᠣᠬᠢᠶᠠᠯᠳᠤᠭᠠᠳ ᠪᠤᠰᠤᠳ ᠲᠤ ᠨᠢᠭᠡ ᠵᠢᠱᠢᠶ᠎ᠡ 7 ᠪᠣᠯᠵᠤ ᠪᠢᠴᠢᠭᠳᠡᠭᠰᠡᠨ ᠢᠶᠡᠷ ᠡᠴᠦᠰ ᠦᠨ ᠦᠶ᠎ᠡ ᠳᠦ ᠬᠦᠷᠦᠭᠰᠡᠨ ᠪᠢᠳᠡᠨ ᠳᠦ ᠰᠡᠷᠡᠮᠵᠢ ᠪᠣᠯᠵᠠᠢ᠃ 12 ᠡᠢᠨ ᠬᠦ ᠥᠪᠡᠷ ᠢ ᠪᠠᠨ ᠵᠣᠭᠰᠣᠵᠤ ᠪᠠᠢᠨ᠎ᠠ ᠭᠡᠵᠦ ᠪᠣᠳᠣᠭᠴᠢ ᠨᠢ ᠤᠨᠠᠬᠤ ᠦᠭᠡᠢ ᠶᠢᠨ ᠲᠤᠯᠠᠳᠠ ᠪᠣᠯᠭᠣᠮᠵᠢᠯᠠᠭᠲᠤᠨ᠃ 13 ᠬᠥᠮᠦᠨ ᠳᠦ ᠲᠠᠭᠠᠷᠠᠳᠠᠭ ᠦᠭᠡᠢ ᠰᠣᠷᠢᠯᠲᠠ ᠲᠠ ᠨᠠᠷ ᠲᠤ ᠲᠠᠭᠠᠷᠠᠭᠰᠠᠨ ᠪᠢᠰᠢ᠃ ᠪᠤᠷᠬᠠᠨ ᠪᠣᠯ ᠢᠲᠡᠭᠡᠮᠵᠢᠲᠠᠢ᠂ ᠲᠠ ᠨᠠᠷ ᠤᠨ ᠳᠠᠭᠠᠭᠠᠬᠤ ᠠᠴᠠ ᠳᠡᠭᠡᠭᠦᠷ ᠰᠣᠷᠢᠭᠤᠯᠳᠠᠭ ᠦᠭᠡᠢ ᠪᠥᠭᠡᠳ ᠳᠠᠭᠠᠭᠠᠵᠤ ᠴᠢᠳᠠᠬᠤ ᠶᠢᠨ ᠴᠢᠨᠢ ᠲᠤᠯᠠᠳᠠ ᠭᠠᠷᠬᠤ ᠵᠠᠮ ᠢ ᠴᠤ ᠬᠠᠮᠲᠤ ᠳᠤᠨᠢ ᠰᠣᠶᠣᠷᠬᠠᠳᠠᠭ ᠶᠤᠮ᠃
 ᠰᠢᠲᠦᠭᠡᠨ ᠳᠦ ᠪᠦᠦ ᠮᠥᠷᠭᠥ

14 ᠲᠡᠢᠮᠦ ᠡᠴᠡ ᠬᠠᠢᠷᠠᠲᠤ ᠨᠤᠭᠤᠳ ᠮᠢᠨᠢ᠂ ᠰᠢᠲᠦᠭᠡᠨ ᠳᠦ ᠮᠥᠷᠭᠥᠬᠦ ᠡᠴᠡ ᠵᠠᠢᠯᠠᠭᠲᠤᠨ᠃ 15 ᠤᠬᠠᠭᠠᠨ ᠲᠠᠢ ᠬᠥᠮᠦᠰ ᠲᠦ ᠬᠡᠯᠡᠳᠡᠭ ᠦᠨ ᠠᠳᠠᠯᠢ ᠪᠠᠷ ᠬᠡᠯᠡᠶ᠎ᠡ᠂ ᠮᠢᠨᠦ ᠦᠭᠡ ᠶᠢ ᠲᠠ ᠨᠠᠷ ᠰᠢᠭᠦᠵᠦ ᠦᠵᠡ᠃ 16 ᠪᠢᠳᠡ ᠢᠷᠥᠭᠡᠯ ᠦᠨ ᠴᠣᠮᠣ ᠪᠠᠷ ᠢᠷᠥᠭᠡᠬᠦ ᠳᠡᠭᠡᠨ ᠾᠷᠢᠰᠲ᠋ᠣᠰ ᠤᠨ ᠴᠢᠰᠤᠨ ᠳᠤ ᠣᠷᠣᠯᠴᠠᠵᠤ ᠪᠠᠢᠭ᠎ᠠ ᠪᠢᠰᠢ ᠤᠤ︖ ᠪᠢᠳᠡ ᠪᠣᠣᠪᠣ ᠪᠠᠨ ᠬᠤᠪᠢᠶᠠᠬᠤ ᠳᠠᠭᠠᠨ ᠾᠷᠢᠰᠲ᠋ᠣᠰ ᠤᠨ ᠪᠡᠶ᠎ᠡ ᠳᠦ ᠣᠷᠣᠯᠴᠠᠵᠤ ᠪᠠᠢᠭ᠎ᠠ ᠪᠢᠰᠢ ᠤᠤ︖ 17 ᠪᠢᠳᠡ ᠣᠯᠠᠭᠤᠯᠠ ᠪᠣᠯᠪᠠᠴᠤ ᠨᠢᠭᠡ ᠪᠣᠣᠪᠣ ᠪᠠᠷ ᠨᠢᠭᠡ ᠪᠡᠶ᠎ᠡ ᠪᠣᠯᠣᠭᠰᠠᠨ ᠶᠤᠮ᠃ ᠤᠴᠢᠷ ᠨᠢ᠂ ᠪᠢᠳᠡ ᠪᠦᠭᠦᠳᠡᠭᠡᠷ ᠢᠶᠡᠨ ᠨᠢᠭᠡ ᠪᠣᠣᠪᠣ ᠠᠴᠠ ᠬᠤᠪᠢᠶᠠᠯᠴᠠᠵᠤ ᠪᠠᠢᠨ᠎ᠠ᠃ 18 ᠮᠢᠬᠠᠨ ᠪᠡᠶ᠎ᠡ ᠶᠢᠨ ᠢᠰᠷᠧᠯᠴᠦᠳ ᠢ ᠬᠠᠷᠠᠭᠲᠤᠨ᠃ ᠲᠠᠬᠢᠯ ᠢ ᠢᠳᠡᠭᠴᠢᠳ ᠨᠢ ᠲᠠᠬᠢᠯ ᠤᠨ ᠲᠠᠪᠴᠠᠩ ᠠᠴᠠ ᠬᠤᠪᠢᠶᠠᠯᠴᠠᠭᠴᠢ ᠪᠣᠯᠳᠠᠭ ᠪᠢᠰᠢ ᠤᠤ︖ 19 ᠶᠠᠭᠤ ᠶᠠᠷᠢᠭᠠᠳ ᠪᠠᠢᠨ᠎ᠠ︖ ᠰᠢᠲᠦᠭᠡᠨ ᠳᠦ ᠡᠷᠭᠦᠭᠰᠡᠨ ᠮᠢᠬ᠎ᠠ ᠶᠠᠭᠤ ᠶᠤᠮ ᠪᠤᠢ︖ ᠰᠢᠲᠦᠭᠡᠨ ᠨᠢ ᠶᠠᠭᠤ ᠶᠤᠮ ᠪᠤᠢ︖ 20 ᠬᠠᠷᠢᠨ ᠬᠠᠷᠢᠴᠤᠳ ᠨᠢ ᠪᠤᠷᠬᠠᠨ ᠳᠤ ᠪᠢᠰᠢ᠂ ᠴᠢᠳᠬᠥᠷ ᠤᠳ ᠲᠤ ᠲᠠᠬᠢᠯ ᠡᠷᠭᠦᠳᠡᠭ ᠶᠤᠮ᠃ ᠴᠢᠳᠬᠥᠷ ᠦᠨ ᠬᠢ ᠡᠴᠡ ᠬᠤᠪᠢᠶᠠᠯᠴᠠᠭᠴᠢ ᠪᠣᠯᠬᠤ ᠳᠤ ᠴᠢᠨᠢ ᠪᠢ ᠳᠤᠷ᠎ᠠ ᠦᠭᠡᠢ ᠪᠠᠢᠨ᠎ᠠ᠃ 21 ᠲᠠ ᠨᠠᠷ ᠡᠵᠡᠨ ᠦ ᠴᠣᠮᠣ ᠠᠴᠠ ᠤᠤᠭᠤᠴᠢᠬᠠᠭᠠᠳ ᠮᠥᠨ ᠴᠢᠳᠬᠥᠷ ᠦᠨ ᠴᠣᠮᠣ ᠠᠴᠠ ᠤᠤᠭᠤᠵᠤ ᠪᠣᠯᠬᠤ ᠦᠭᠡᠢ᠂ ᠲᠠ ᠨᠠᠷ ᠡᠵᠡᠨ ᠦ ᠰᠢᠷᠡᠭᠡᠨ ᠡᠴᠡ ᠬᠤᠪᠢᠶᠠᠯᠴᠠᠴᠢᠬᠠᠭᠠᠳ ᠮᠥᠨ ᠴᠢᠳᠬᠥᠷ ᠦᠨ ᠰᠢᠷᠡᠭᠡᠨ ᠡᠴᠡ ᠬᠤᠪᠢᠶᠠᠯᠴᠠᠵᠤ ᠪᠣᠯᠬᠤ ᠦᠭᠡᠢ᠃ 22 ᠪᠢᠳᠡ ᠡᠵᠡᠨ ᠢ ᠠᠲᠠᠭᠠᠷᠬᠠᠭᠤᠯᠤᠨ᠎ᠠ ᠤᠤ︖ ᠪᠢᠳᠡ ᠲᠡᠭᠦᠨ ᠡᠴᠡ ᠬᠦᠴᠦᠷᠬᠡᠭ ᠭᠡᠵᠢ ᠤᠤ︖
 ᠢᠲᠡᠭᠡᠭᠴᠢ ᠶᠢᠨ ᠡᠷᠬᠡ ᠴᠢᠯᠥᠭᠡ

23 《ᠶᠠᠭᠤ ᠶᠢ ᠴᠤ ᠬᠢᠵᠦ ᠪᠣᠯᠣᠨ᠎ᠠ》 ᠭᠡᠳᠡᠭ ᠪᠣᠯᠪᠠᠴᠤ ᠴᠥᠮ ᠢᠶᠡᠷ ᠢᠶᠠᠨ ᠲᠤᠰᠠ ᠲᠠᠢ ᠪᠢᠰᠢ᠂ 《ᠶᠠᠭᠤ ᠶᠢ ᠴᠤ ᠬᠢᠵᠦ ᠪᠣᠯᠣᠨ᠎ᠠ》 ᠭᠡᠳᠡᠭ ᠪᠣᠯᠪᠠᠴᠤ ᠴᠥᠮ ᠢᠶᠡᠷ ᠢᠶᠠᠨ ᠪᠣᠰᠬᠠᠨ ᠪᠠᠢᠭᠤᠯᠬᠤ ᠪᠢᠰᠢ ᠶᠤᠮ᠃ 24 ᠬᠡᠨ ᠴᠤ ᠥᠪᠡᠷ ᠦᠨ ᠢᠶᠠᠨ ᠠᠰᠢᠭ ᠢ ᠪᠢᠰᠢ᠂ ᠬᠠᠷᠢᠨ ᠪᠤᠰᠤᠳ ᠤᠨ ᠠᠰᠢᠭ ᠢ ᠪᠣᠳᠣᠭᠲᠤᠨ᠃ 25 ᠳᠡᠯᠭᠡᠭᠦᠷ ᠲᠦ ᠬᠤᠳᠠᠯᠳᠤᠵᠤ ᠪᠠᠢᠭ᠎ᠠ ᠠᠯᠢᠪᠠ ᠵᠦᠢᠯ ᠢ ᠮᠥᠰᠥ ᠴᠢᠨᠠᠷ ᠤᠨ ᠬᠤᠪᠢ ᠳᠤ ᠰᠢᠯᠭᠠᠯ ᠦᠭᠡᠢ ᠪᠠᠷ ᠢᠳᠡᠵᠦ ᠪᠣᠯᠣᠨ᠎ᠠ᠃ 26 ᠤᠴᠢᠷ ᠨᠢ᠂ 《ᠭᠠᠵᠠᠷ ᠪᠠ ᠲᠡᠭᠦᠨ ᠢ ᠳᠦᠭᠦᠷᠭᠡᠳᠡᠭ ᠪᠦᠬᠦᠨ ᠨᠢ ᠡᠵᠡᠨ ᠦ ᠬᠢ》 ᠶᠤᠮ᠃ 27 ᠬᠡᠷᠪᠡ ᠲᠠ ᠨᠠᠷ ᠢᠲᠡᠭᠡᠭᠴᠢ ᠪᠤᠰᠤ ᠨᠢᠭᠡ ᠬᠥᠮᠦᠨ ᠳᠦ ᠵᠠᠯᠠᠭᠳᠠᠭᠠᠳ ᠣᠴᠢᠬᠤ ᠰᠠᠨᠠᠭ᠎ᠠ ᠲᠠᠢ ᠪᠣᠯ᠂ ᠡᠮᠦᠨ᠎ᠡ ᠴᠢᠨᠢ ᠲᠠᠯᠪᠢᠭᠳᠠᠭᠰᠠᠨ ᠶᠠᠭᠤ ᠶᠢ ᠴᠤ ᠪᠣᠯᠣᠭ᠂ ᠮᠥᠰᠥ ᠴᠢᠨᠠᠷ ᠤᠨ ᠬᠤᠪᠢ ᠳᠤ ᠰᠢᠯᠭᠠᠯ ᠦᠭᠡᠢ ᠪᠠᠷ ᠢᠳᠡᠵᠦ ᠪᠣᠯᠣᠨ᠎ᠠ᠃ 28 ᠭᠡᠪᠡᠴᠦ ᠬᠡᠷᠪᠡ ᠬᠡᠨ ᠨᠢᠭᠡ ᠬᠥᠮᠦᠨ ᠲᠠ ᠨᠠᠷ ᠲᠤ᠄ 《ᠡᠨᠡ ᠴᠢᠨᠢ ᠰᠢᠲᠦᠭᠡᠨ ᠳᠦ ᠡᠷᠭᠦᠭᠰᠡᠨ ᠮᠢᠬ᠎ᠠ ᠰᠢᠦ》 ᠭᠡᠵᠦ ᠬᠡᠯᠡᠪᠡᠯ᠂ ᠲᠡᠭᠡᠵᠦ ᠰᠠᠨᠠᠭᠤᠯᠤᠭᠰᠠᠨ ᠬᠥᠮᠦᠨ ᠦ ᠲᠥᠯᠥᠭᠡ᠂ ᠮᠥᠨ ᠴᠤ ᠮᠥᠰᠥ ᠴᠢᠨᠠᠷ ᠤᠨ ᠢᠶᠠᠨ ᠲᠥᠯᠥᠭᠡ ᠪᠢᠲᠡᠭᠡᠢ ᠢᠳᠡᠭᠡᠷᠡᠢ᠃ 29 ᠮᠢᠨᠦ ᠬᠡᠯᠡᠵᠦ ᠪᠠᠢᠭ᠎ᠠ ᠮᠥᠰᠥ ᠴᠢᠨᠠᠷ ᠪᠣᠯ ᠴᠢᠨᠦᠬᠢ ᠪᠢᠰᠢ᠂ ᠪᠤᠰᠤᠳ ᠤᠨ ᠬᠢ ᠶᠤᠮ᠃ ᠮᠢᠨᠦ ᠡᠷᠬᠡ ᠴᠢᠯᠥᠭᠡ ᠪᠤᠰᠤᠳ ᠤᠨ ᠮᠥᠰᠥ ᠴᠢᠨᠠᠷ ᠢᠶᠠᠷ ᠰᠢᠭᠦᠭᠳᠡᠬᠦ ᠤᠴᠢᠷᠲᠠᠢ ᠤᠤ︖ 30 ᠬᠡᠷᠪᠡ ᠪᠢ ᠲᠠᠯᠠᠷᠬᠠᠯ ᠲᠠᠢ ᠪᠠᠷ ᠢᠳᠡᠪᠡᠯ᠂ ᠶᠠᠭᠠᠬᠢᠭᠠᠳ ᠲᠠᠯᠠᠷᠬᠠᠯ ᠡᠷᠭᠦᠭᠡᠳ ᠢᠳᠡᠭᠰᠡᠨ ᠵᠦᠢᠯ ᠡᠴᠡ ᠪᠡᠨ ᠪᠣᠯᠵᠤ ᠪᠤᠷᠤᠭᠤᠳᠬᠠᠭᠳᠠᠨ᠎ᠠ ᠪᠤᠢ︖

31 ᠲᠠ ᠨᠠᠷ ᠢᠳᠡᠭᠰᠡᠨ ᠴᠤ᠂ ᠤᠤᠭᠤᠭᠰᠠᠨ ᠴᠤ᠂ ᠶᠠᠭᠤ ᠬᠢᠭᠰᠡᠨ ᠴᠤ᠂ ᠪᠦᠬᠦᠨ ᠢ ᠪᠤᠷᠬᠠᠨ ᠤ ᠠᠯᠳᠠᠷ ᠰᠤᠤ ᠶᠢᠨ ᠲᠥᠯᠥᠭᠡ ᠬᠢᠭᠲᠦᠨ᠃ 32 ᠲᠠ ᠨᠠᠷ ᠶᠦᠳᠠᠢᠴᠤᠳ ᠲᠤ ᠴᠤ᠂ ᠭᠷᠧᠭᠴᠦᠳ ᠲᠦ ᠴᠤ᠂ ᠪᠤᠷᠬᠠᠨ ᠤ ᠴᠢᠭᠤᠯᠭᠠᠨ ᠳᠤ ᠴᠤ ᠪᠦᠳᠦᠷᠢᠭᠦᠯᠭᠡ ᠪᠦᠦ ᠪᠣᠯᠣᠭᠠᠷᠠᠢ᠃ 33 ᠪᠢ ᠴᠤ ᠭᠡᠰᠡᠨ ᠪᠦᠬᠦ ᠲᠠᠯ᠎ᠠ ᠪᠠᠷ ᠪᠦᠬᠦ ᠬᠥᠮᠦᠨ ᠳᠦ ᠲᠠᠭᠠᠯᠠᠭᠳᠠᠬᠤ ᠪᠠᠷ ᠬᠢᠴᠢᠶᠡᠳᠡᠭ᠂ ᠲᠡᠳᠡᠨ ᠢ ᠠᠪᠤᠷᠠᠭᠳᠠᠭᠠᠰᠠᠢ ᠭᠡᠵᠦ ᠪᠢ ᠥᠪᠡᠷ ᠦᠨ ᠢᠶᠠᠨ ᠠᠰᠢᠭ ᠢ ᠪᠤᠰᠤ᠂ ᠬᠠᠷᠢᠨ ᠣᠯᠠᠨ ᠤ ᠠᠰᠢᠭ ᠢ ᠡᠷᠢᠳᠡᠭ ᠶᠤᠮ᠃