1 2 3 4 5 6 7 8 9 10 11 12 13 14 15 16


ᠨᠢᠭᠡᠳᠦᠭᠡᠷ ᠺᠣᠷᠢᠨᠲ ᠠᠷᠪᠠᠨ ᠵᠢᠷᠭᠤᠭ᠎ᠠ
 ᠠᠷᠢᠭᠤᠨ ᠰᠦᠨᠡᠰᠦ ᠰᠣᠶᠣᠷᠬᠠᠬᠤ ᠠᠮᠠᠯᠠᠯᠲᠠ ᠵᠠᠬᠢᠶᠠᠰᠤ ᠪᠠ ᠮᠡᠨᠳᠦᠴᠢᠯᠡᠭᠡ

1 ᠠᠷᠢᠭᠤᠨ ᠬᠥᠮᠦᠰ ᠦᠨ ᠲᠥᠯᠥᠭᠡ ᠴᠤᠭᠯᠠᠭᠤᠯᠳᠠᠭ ᠡᠷᠭᠦᠯ ᠦᠨ ᠲᠤᠬᠠᠢ ᠶᠠᠷᠢᠶ᠎ᠠ᠃ ᠭᠠᠯᠠᠲ᠋ᠢᠶ᠎ᠠ ᠶᠢᠨ ᠴᠢᠭᠤᠯᠭᠠᠨ ᠨᠤᠭᠤᠳ ᠲᠤ ᠵᠠᠬᠢᠭᠰᠠᠨ ᠶᠣᠰᠣᠭᠠᠷ ᠮᠢᠨᠢ ᠲᠠ ᠨᠠᠷ ᠬᠢᠭᠡᠷᠡᠢ᠃ 2 ᠭᠠᠷᠠᠭ ᠪᠦᠷᠢ ᠶᠢᠨ ᠡᠬᠢᠨ ᠤ ᠡᠳᠦᠷ ᠬᠥᠮᠦᠨ ᠪᠦᠷᠢ ᠢᠪᠡᠭᠡᠭᠳᠡᠭᠰᠡᠨ ᠦ ᠪᠠᠨ ᠶᠣᠰᠣᠭᠠᠷ ᠣᠷᠣᠯᠭ᠎ᠠ ᠪᠠᠨ ᠴᠤᠭᠯᠠᠭᠤᠯᠤᠨ ᠠᠰ ᠲᠤᠨᠢ ᠬᠠᠳᠠᠭᠠᠯᠠᠵᠤ ᠪᠠᠢᠭᠠᠷᠠᠢ᠃ ᠢᠩᠭᠢᠪᠡᠯ ᠨᠠᠮᠠᠶᠢ ᠣᠴᠢᠩ᠋ᠭᠤᠲᠠ ᠴᠤᠭᠯᠠᠭᠤᠯᠬᠤ ᠬᠡᠷᠡᠭ ᠦᠭᠡᠢ ᠪᠣᠯᠣᠨ᠎ᠠ᠃ 3 ᠪᠢ ᠣᠴᠢᠭᠠᠳ ᠲᠠ ᠨᠠᠷ ᠤᠨ ᠰᠣᠩ᠋ᠭᠣᠨ ᠪᠠᠲᠤᠯᠠᠭᠰᠠᠨ ᠬᠥᠮᠦᠰ ᠢᠶᠡᠷ ᠵᠠᠬᠢᠳᠠᠯ ᠪᠠ ᠡᠷᠭᠦᠯ ᠢ ᠴᠢᠨᠢ ᠶᠧᠷᠦ᠋ᠰᠠᠯᠧᠮ ᠳᠤ ᠬᠦᠷᠭᠡᠯᠭᠡᠶ᠎ᠡ᠃ 4 ᠬᠡᠷᠪᠡ ᠪᠢ ᠴᠤ ᠶᠠᠪᠤᠬᠤ ᠵᠣᠬᠢᠰᠲᠠᠢ ᠪᠣᠯ ᠲᠡᠳᠡ ᠨᠠᠷ ᠲᠠᠢ ᠬᠠᠮᠲᠤ ᠶᠠᠪᠤᠶ᠎ᠠ᠃

5 ᠭᠡᠬᠦ ᠳᠡᠭᠡᠨ ᠪᠢ ᠮᠠᠺᠧᠳᠣᠨᠢᠶ᠎ᠠ ᠪᠠᠷ ᠣᠷᠣᠭᠠᠳ ᠳᠠᠷᠠᠭ᠎ᠠ ᠨᠢ ᠲᠠ ᠨᠠᠷ ᠤᠷᠤᠭᠤ ᠣᠴᠢᠨ᠎ᠠ᠃ ᠪᠢ ᠮᠠᠺᠧᠳᠣᠨᠢᠶ᠎ᠠ ᠪᠠᠷ ᠳᠠᠭᠠᠷᠢᠬᠤ ᠶᠤᠮ᠃ 6 ᠪᠢ ᠪᠠᠷᠤᠭ ᠲᠠ ᠨᠠᠷ ᠲᠠᠢ ᠬᠡᠰᠡᠭ ᠬᠤᠭᠤᠴᠠᠭ᠎ᠠ ᠬᠠᠮᠲᠤ ᠪᠠᠢᠬᠤ ᠪᠣᠯᠣᠨ᠎ᠠ᠂ ᠬᠠᠮᠲᠤ ᠡᠪᠦᠯᠵᠢᠬᠦ ᠴᠤ ᠮᠠᠭᠠᠳ᠃ ᠢᠩᠭᠢᠪᠡᠯ ᠨᠠᠮᠠᠶᠢ ᠬᠠᠮᠢᠭᠠᠰᠢ ᠪᠠᠨ ᠶᠠᠪᠤᠬᠤ ᠳᠤ ᠴᠤ ᠲᠠ ᠨᠠᠷ ᠦᠳᠡᠵᠦ ᠪᠣᠯᠣᠨ᠎ᠠ᠃ 7 ᠡᠨᠡ ᠤᠳᠠᠭ᠎ᠠ ᠪᠢ ᠵᠠᠮ ᠳᠠᠭᠠᠷᠢᠭᠤ ᠲᠠ ᠨᠠᠷ ᠢ ᠦᠵᠡᠭᠡᠳ ᠯᠠ ᠭᠠᠷᠬᠤ ᠶᠢ ᠬᠦᠰᠡᠬᠦ ᠦᠭᠡᠢ᠂ ᠡᠵᠡᠨ ᠵᠥᠪᠰᠢᠶᠡᠷᠡᠪᠡᠯ ᠲᠠ ᠨᠠᠷ ᠲᠠᠢ ᠬᠠᠮᠲᠤ ᠬᠡᠰᠡᠭ ᠬᠤᠭᠤᠴᠠᠭ᠎ᠠ ᠰᠠᠭᠤᠬᠤ ᠪᠣᠳᠣᠯ ᠲᠠᠢ ᠪᠠᠢᠨ᠎ᠠ᠃ 8 ᠭᠡᠬᠦ ᠳᠦ᠂ ᠲᠠᠪᠢᠨ ᠡᠳᠦᠷ ᠦᠨ ᠪᠠᠶᠠᠷ ᠪᠣᠯᠲᠠᠯ᠎ᠠ ᠪᠢ ᠧᠹᠧᠰ ᠲᠤ ᠪᠠᠢᠬᠤ ᠪᠣᠯᠣᠨ᠎ᠠ᠃ 9 ᠤᠴᠢᠷ ᠨᠢ᠂ ᠥᠷᠭᠡᠨ ᠶᠡᠬᠡ ᠪᠥᠭᠡᠳ ᠦᠷ᠎ᠡ ᠳ᠋ᠦᠩ ᠭᠠᠷᠬᠤ ᠡᠭᠦᠳᠡ ᠨᠠᠳᠠ ᠳᠤ ᠨᠡᠭᠡᠭᠡᠭᠳᠡᠭᠰᠡᠨ ᠪᠥᠭᠡᠳ ᠡᠰᠡᠷᠭᠦᠴᠡᠭᠴᠢᠳ ᠴᠤ ᠣᠯᠠᠨ ᠪᠤᠢ᠃

10 ᠬᠡᠷᠪᠡ ᠲᠢᠮᠣᠲ ᠣᠴᠢᠪᠠᠯ ᠲᠠ ᠨᠠᠷ ᠲᠠᠢ ᠬᠠᠮᠲᠤ ᠪᠠᠢᠬᠤ ᠳᠤ ᠠᠢᠳᠠᠰ ᠦᠭᠡᠢ ᠪᠠᠢᠬᠤ ᠶᠢᠨ ᠬᠢᠨᠢ ᠲᠥᠯᠥᠭᠡ ᠰᠠᠨᠠᠭ᠎ᠠ ᠲᠠᠯᠪᠢᠵᠤ ᠪᠠᠢᠭᠠᠷᠠᠢ᠃ ᠲᠡᠷᠡ ᠡᠵᠡᠨ ᠦ ᠠᠵᠢᠯ ᠢ ᠨᠠᠳᠠ ᠲᠠᠢ ᠠᠳᠠᠯᠢ ᠪᠠᠷ ᠬᠢᠵᠦ ᠪᠠᠢᠨ᠎ᠠ᠃ 11 ᠡᠢᠮᠦ ᠡᠴᠡ ᠬᠡᠨ ᠴᠤ ᠲᠡᠭᠦᠨ ᠢ ᠬᠥᠩᠭᠡᠪᠴᠢᠯᠡᠵᠦ ᠪᠣᠯᠬᠤ ᠦᠭᠡᠢ᠃ ᠬᠠᠷᠢᠨ ᠲᠡᠭᠦᠨ ᠢ ᠠᠮᠤᠷ ᠲᠠᠢᠪᠤᠩ ᠢᠶᠠᠷ ᠶᠠᠪᠤᠭᠤᠯᠵᠤ ᠨᠠᠳᠠ ᠤᠷᠤᠭᠤ ᠢᠷᠡᠭᠦᠯᠦᠭᠡᠷᠡᠢ᠂ ᠲᠡᠭᠦᠨ ᠦ ᠢᠷᠡᠬᠦ ᠶᠢ ᠪᠢ ᠠᠬ᠎ᠠ ᠳᠡᠭᠦᠦ ᠨᠠᠷ ᠲᠠᠢ ᠬᠠᠮᠲᠤ ᠬᠦᠯᠢᠶᠡᠵᠦ ᠪᠠᠢᠨ᠎ᠠ᠃

12 ᠪᠢᠳᠡᠨ ᠦ ᠳᠡᠭᠦᠦ ᠠᠫᠣᠯᠣ᠋ ᠶᠢᠨ ᠲᠤᠬᠠᠢ ᠶᠠᠷᠢᠶ᠎ᠠ᠃ ᠲᠠᠨ ᠤ ᠲᠡᠨᠳᠡ ᠣᠴᠢ ᠭᠡᠵᠦ ᠪᠢ ᠪᠤᠰᠤᠳ ᠠᠬ᠎ᠠ ᠳᠡᠭᠦᠦ ᠨᠠᠷ ᠤᠨ ᠬᠠᠮᠲᠤ ᠶᠡᠬᠡᠳᠡ ᠢᠳᠬᠠᠭᠰᠠᠨ ᠪᠣᠯᠪᠠᠴᠤ ᠲᠡᠷᠡ ᠣᠳᠣ ᠳᠡᠭᠡᠷ᠎ᠡ ᠪᠡᠨ ᠣᠴᠢᠬᠤ ᠰᠠᠨᠠᠭ᠎ᠠ ᠣᠭᠲᠣ ᠦᠭᠡᠢ ᠪᠠᠢᠨ᠎ᠠ᠂ ᠳᠣᠬᠢᠶᠠᠯ ᠲᠠᠭᠠᠷᠠᠪᠠᠯ ᠣᠴᠢᠬᠤ ᠪᠣᠯᠣᠨ᠎ᠠ᠃

13 ᠰᠡᠷᠡᠮᠵᠢᠲᠡᠢ ᠪᠠᠢ᠂ ᠢᠲᠡᠭᠡᠯ ᠳᠣᠲᠣᠷ᠎ᠠ ᠪᠠᠲᠤ ᠵᠣᠭᠰᠣ᠃ ᠡᠷ᠎ᠡ ᠵᠣᠷᠢᠭᠲᠠᠢ ᠪᠠᠢ᠂ ᠬᠦᠴᠦ ᠲᠠᠢ ᠪᠠᠢ᠃ 14 ᠪᠦᠬᠦᠨ ᠢ ᠬᠠᠢᠷ᠎ᠠ ᠪᠠᠷ ᠬᠢᠭᠡᠷᠡᠢ᠃

15 ᠠᠬ᠎ᠠ ᠳᠡᠭᠦᠦ ᠨᠠᠷ ᠡ᠂ ᠲᠠ ᠨᠠᠷ ᠢ ᠢᠳᠬᠠᠶ᠎ᠠ᠂ ᠰᠲ᠋ᠧᠹᠠᠨᠠ ᠶᠢᠨ ᠭᠡᠷ ᠦᠨ ᠬᠢᠨ ᠪᠣᠯ ᠠᠺᠠᠢᠶ᠎ᠠ ᠨᠤᠲᠤᠭ ᠤᠨ ᠤᠤᠭᠠᠨ ᠦᠷ᠎ᠡ ᠵᠢᠮᠢᠰ ᠪᠥᠭᠡᠳ ᠠᠷᠢᠭᠤᠨ ᠬᠥᠮᠦᠰ ᠲᠦ ᠦᠢᠯᠡᠴᠢᠯᠡᠬᠦ ᠪᠡᠷ ᠥᠪᠡᠷᠰᠡᠳ ᠢ ᠪᠠᠨ ᠵᠣᠷᠢᠭᠤᠯᠤᠭᠰᠠᠨ ᠢ ᠨᠢ ᠲᠠ ᠨᠠᠷ ᠮᠡᠳᠡᠨ᠎ᠡ᠂ 16 ᠲᠡᠢᠮᠦ ᠬᠥᠮᠦᠰ ᠪᠠ ᠲᠡᠳᠡ ᠨᠠᠷ ᠲᠠᠢ ᠬᠠᠮᠲᠤ ᠠᠵᠢᠯᠯᠠᠵᠤ᠂ ᠵᠦᠳᠡᠷᠡᠳᠡᠭ ᠬᠥᠮᠦᠨ ᠪᠦᠬᠦᠨ ᠳᠦ ᠳᠤᠭᠤᠯᠭᠠᠪᠤᠷᠢᠲᠠᠢ ᠪᠠᠢᠭᠠᠷᠠᠢ᠃ 17 ᠰᠲ᠋ᠧᠹᠠᠨᠠ᠂ ᠹᠣᠷᠲ᠋ᠦ᠋ᠨᠠᠲ᠂ ᠠᠬᠠᠢᠺ ᠨᠠᠷ ᠤᠨ ᠢᠷᠡᠭᠰᠡᠨ ᠳᠦ ᠪᠢ ᠪᠠᠶᠠᠷᠯᠠᠵᠤ ᠪᠠᠢᠨ᠎ᠠ᠂ ᠲᠡᠳᠡ ᠲᠠ ᠨᠠᠷ ᠤᠨ ᠳᠤᠲᠠᠭᠤ ᠶᠢ ᠨᠥᠬᠥᠪᠡ᠃ 18 ᠲᠡᠳᠡ ᠮᠢᠨᠦ ᠪᠠ ᠲᠠ ᠨᠠᠷ ᠤᠨ ᠰᠡᠳᠬᠢᠯ ᠢ ᠠᠮᠤᠷᠠᠭᠤᠯᠤᠭᠰᠠᠨ ᠶᠤᠮ᠃ ᠡᠢᠮᠦᠷᠬᠦ ᠬᠥᠮᠦᠰ ᠢ ᠲᠠᠨᠢᠨ ᠮᠡᠳᠡᠷᠡᠭᠲᠦᠨ᠃

19 ᠠᠽᠢᠶ᠎ᠠ ᠨᠤᠲᠤᠭ ᠤᠨ ᠴᠢᠭᠤᠯᠭᠠᠨ ᠨᠤᠭᠤᠳ ᠲᠠ ᠨᠠᠷ ᠲᠤ ᠮᠡᠨᠳᠦ ᠬᠦᠷᠭᠡᠵᠦ ᠪᠠᠢᠨ᠎ᠠ᠃ ᠠᠺᠦ᠋ᠯᠠ ᠪᠠ ᠫᠷᠢᠰᠺᠢᠯᠠ᠂ ᠪᠠᠰᠠ ᠲᠡᠳᠡᠨ ᠦ ᠭᠡᠷ ᠦᠨ ᠴᠢᠭᠤᠯᠭᠠᠨ ᠡᠵᠡᠨ ᠦ ᠳᠣᠲᠣᠷ᠎ᠠ ᠲᠠ ᠨᠠᠷ ᠲᠤ ᠬᠠᠯᠠᠭᠤᠨ ᠮᠡᠨᠳᠦ ᠬᠦᠷᠭᠡᠵᠦ ᠪᠠᠢᠨ᠎ᠠ᠃ 20 ᠪᠤᠢ ᠪᠦᠬᠦᠢ ᠠᠬ᠎ᠠ ᠳᠡᠭᠦᠦ ᠲᠠ ᠨᠠᠷ ᠲᠤ ᠮᠡᠨᠳᠦ ᠬᠦᠷᠭᠡᠵᠦ ᠪᠠᠢᠨ᠎ᠠ᠃ ᠲᠠ ᠨᠠᠷ ᠠᠷᠢᠭᠤᠨ ᠦᠨᠦᠰᠦᠯᠲᠡ ᠪᠡᠷ ᠨᠢᠭᠡ ᠨᠢᠭᠡᠨ ᠳᠡᠭᠡᠨ ᠮᠡᠨᠳᠦ ᠬᠦᠷᠭᠡᠭᠡᠷᠡᠢ᠃

21 ᠡᠨᠡ ᠬᠦ ᠮᠡᠨᠳᠦᠴᠢᠯᠡᠭᠡ ᠶᠢ ᠫᠠᠦ᠋ᠯ ᠪᠢ ᠥᠪᠡᠷ ᠦᠨ ᠭᠠᠷ ᠢᠶᠠᠷ ᠪᠢᠴᠢᠵᠦ ᠪᠠᠢᠨ᠎ᠠ᠃ 22 ᠡᠵᠡᠨ ᠢ ᠦᠯᠦ ᠬᠠᠢᠷᠠᠯᠠᠭᠴᠢ ᠨᠢ ᠵᠦᠬᠡᠭᠳᠡᠬᠦ ᠪᠣᠯᠲᠤᠭᠠᠢ᠃ ᠮᠠᠷᠠᠨᠠᠲ᠋ᠠ 13 23 ᠡᠵᠡᠨ ᠢᠰᠦ᠋ᠰ ᠤᠨ ᠢᠪᠡᠭᠡᠯ ᠲᠠ ᠨᠠᠷ ᠲᠠᠢ ᠬᠠᠮᠲᠤ ᠪᠠᠢᠬᠤ ᠪᠣᠯᠲᠤᠭᠠᠢ᠃ 24 ᠮᠢᠨᠦ ᠬᠠᠢᠷ᠎ᠠ ᠾᠷᠢᠰᠲ᠋ᠣᠰ ᠢᠰᠦ᠋ᠰ ᠤᠨ ᠳᠣᠲᠣᠷ᠎ᠠ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ᠃