ᠨᠢᠭᠡᠳᠦᠭᠡᠷ ᠺᠣᠷᠢᠨᠲ ᠠᠷᠪᠠᠨ ᠬᠣᠶᠠᠷ
ᠠᠷᠢᠭᠤᠨ ᠰᠦᠨᠡᠰᠦᠨ ᠦ ᠰᠣᠶᠣᠷᠬᠠᠯ ᠤᠳ
1 ᠠᠬ᠎ᠠ ᠳᠡᠭᠦᠦ ᠨᠠᠷ ᠡ᠂ ᠰᠦᠨᠡᠰᠦᠯᠢᠭ ᠰᠣᠶᠣᠷᠬᠠᠯ ᠤᠳ ᠤᠨ ᠲᠠᠯ᠎ᠠ ᠪᠠᠷ ᠲᠠ ᠨᠠᠷ ᠤᠨ ᠮᠡᠳᠡᠬᠦ ᠦᠭᠡᠢ ᠪᠠᠢᠬᠤ ᠶᠢ ᠪᠢ ᠬᠦᠰᠡᠬᠦ ᠦᠭᠡᠢ ᠪᠠᠢᠨ᠎ᠠ᠃ 2 ᠲᠠ ᠨᠠᠷ ᠬᠠᠷᠢ ᠦᠨᠳᠦᠰᠦᠲᠡᠨ ᠪᠠᠢᠬᠤ ᠳᠠᠭᠠᠨ ᠬᠡᠯᠡ ᠦᠭᠡᠢ ᠰᠢᠲᠦᠭᠡᠨ ᠨᠦᠭᠦᠳ ᠤᠷᠤᠭᠤ ᠬᠥᠲᠥᠯᠥᠭᠳᠡᠨ ᠲᠥᠭᠡᠷᠢᠵᠦ ᠪᠠᠢᠭᠰᠠᠨ ᠢᠶᠠᠨ ᠮᠡᠳᠡᠨ᠎ᠡ ᠪᠢᠵᠡ᠃ 3 ᠶᠠᠭ ᠡᠢᠮᠦ ᠤᠴᠢᠷ ᠠᠴᠠ ᠪᠢ ᠲᠠ ᠨᠠᠷ ᠲᠤ ᠮᠡᠳᠡᠭᠦᠯᠦᠶ᠎ᠡ᠄ ᠪᠤᠷᠬᠠᠨ ᠤ ᠰᠦᠨᠡᠰᠦ ᠪᠡᠷ ᠶᠠᠷᠢᠳᠠᠭ ᠬᠥᠮᠦᠨ ᠦ ᠬᠡᠨ ᠨᠢ ᠴᠤ 《ᠢᠰᠦ᠋ᠰ ᠬᠠᠷᠢᠶᠠᠭᠳᠠᠭ》 ᠭᠡᠵᠦ ᠶᠠᠷᠢᠬᠤ ᠦᠭᠡᠢ᠃ ᠮᠥᠨ ᠬᠦ ᠠᠷᠢᠭᠤᠨ ᠰᠦᠨᠡᠰᠦ ᠪᠡᠷ ᠪᠢᠰᠢ ᠪᠣᠯ ᠬᠡᠨ ᠴᠤ 《ᠢᠰᠦ᠋ᠰ ᠪᠣᠯ ᠡᠵᠡᠨ》 ᠭᠡᠵᠦ ᠬᠡᠯᠡᠵᠦ ᠴᠢᠳᠠᠬᠤ ᠦᠭᠡᠢ ᠶᠤᠮ᠃
4 ᠣᠯᠠᠨ ᠶᠠᠩᠵᠤ ᠶᠢᠨ ᠰᠣᠶᠣᠷᠬᠠᠯ ᠪᠠᠢᠳᠠᠭ ᠴᠤ ᠠᠷᠢᠭᠤᠨ ᠰᠦᠨᠡᠰᠦ ᠨᠢ ᠠᠳᠠᠯᠢᠬᠠᠨ᠂ 5 ᠣᠯᠠᠨ ᠶᠠᠩᠵᠤ ᠶᠢᠨ ᠦᠢᠯᠡᠴᠢᠯᠡᠯ ᠪᠠᠢᠳᠠᠭ ᠴᠤ ᠡᠵᠡᠨ ᠨᠢ ᠠᠳᠠᠯᠢᠬᠠᠨ᠃ 6 ᠣᠯᠠᠨ ᠶᠠᠩᠵᠤ ᠶᠢᠨ ᠦᠢᠯᠡᠳᠦᠯ ᠪᠠᠢᠳᠠᠭ ᠴᠤ ᠪᠦᠭᠦᠳᠡ ᠶᠢᠨ ᠳᠤᠮᠳᠠ ᠪᠦᠬᠦᠨ ᠢ ᠦᠢᠯᠡᠳᠦᠭᠴᠢ ᠪᠤᠷᠬᠠᠨ ᠨᠢ ᠠᠳᠠᠯᠢᠬᠠᠨ ᠪᠢᠯᠡ᠃ 7 ᠲᠤᠰ ᠲᠤᠰ ᠲᠤᠨᠢ ᠠᠷᠢᠭᠤᠨ ᠰᠦᠨᠡᠰᠦᠨ ᠦ ᠢᠯᠡᠷᠡᠯ ᠢ ᠰᠣᠶᠣᠷᠬᠠᠭᠰᠠᠨ ᠨᠢ ᠬᠠᠮᠲᠤ ᠶᠢᠨ ᠲᠤᠰᠠ ᠶᠢᠨ ᠲᠤᠯᠠᠳᠠ ᠶᠤᠮ᠃ 8 ᠨᠢᠭᠡᠨ ᠳᠦᠨᠢ ᠠᠷᠢᠭᠤᠨ ᠰᠦᠨᠡᠰᠦ ᠪᠡᠷ ᠳᠠᠮᠵᠢᠭᠤᠯᠤᠨ ᠮᠡᠷᠭᠡᠨ ᠤᠬᠠᠭᠠᠨ ᠤ ᠦᠭᠡ ᠶᠢ᠂ ᠨᠢᠭᠡᠨ ᠳᠦᠨᠢ ᠮᠥᠨ ᠠᠳᠠᠯᠢᠬᠠᠨ ᠠᠷᠢᠭᠤᠨ ᠰᠦᠨᠡᠰᠦ ᠪᠡᠷ ᠮᠡᠳᠡᠯᠭᠡ ᠶᠢᠨ ᠦᠭᠡ ᠶᠢ ᠰᠣᠶᠣᠷᠬᠠᠭᠳᠠᠭ ᠪᠣᠯ᠂ 9 ᠥᠭᠡᠷ᠎ᠡ ᠨᠢᠭᠡᠨ ᠳᠦᠨᠢ ᠠᠳᠠᠯᠢᠬᠠᠨ ᠠᠷᠢᠭᠤᠨ ᠰᠦᠨᠡᠰᠦ ᠪᠡᠷ ᠢᠲᠡᠭᠡᠯ ᠢ᠂ ᠪᠠᠰᠠ ᠨᠢᠭᠡᠨ ᠳᠦᠨᠢ ᠠᠳᠠᠯᠢᠬᠠᠨ ᠠᠷᠢᠭᠤᠨ ᠰᠦᠨᠡᠰᠦ ᠪᠡᠷ ᠡᠳᠡᠭᠡᠭᠡᠬᠦ ᠰᠣᠶᠣᠷᠬᠠᠯ ᠢ᠂ 10 ᠪᠠᠰᠠ ᠨᠢᠭᠡᠨ ᠳᠦᠨᠢ ᠰᠢᠳᠢ ᠲᠡᠮᠳᠡᠭ ᠦᠢᠯᠡᠳᠬᠦ᠂ ᠮᠥᠨ ᠨᠥᠭᠥᠭᠡ ᠨᠢᠭᠡᠨ ᠳᠦᠨᠢ ᠡᠰᠢ ᠦᠵᠡᠭᠦᠯᠬᠦ᠂ ᠮᠥᠨ ᠨᠥᠭᠥᠭᠡ ᠨᠢᠭᠡᠨ ᠳᠦᠨᠢ ᠰᠦᠨᠡᠰᠦ ᠨᠦᠭᠦᠳ ᠢ ᠢᠯᠭᠠᠬᠤ᠂ ᠪᠠᠰᠠ ᠨᠢᠭᠡᠨ ᠳᠦᠨᠢ ᠣᠯᠠᠨ ᠲᠥᠷᠥᠯ ᠦᠨ ᠬᠡᠯᠡ ᠨᠦᠭᠦᠳ ᠢᠶᠡᠷ ᠶᠠᠷᠢᠬᠤ᠂ ᠮᠥᠨ ᠪᠠᠰᠠ ᠨᠢᠭᠡᠨ ᠳᠦᠨᠢ ᠬᠡᠯᠡ ᠨᠦᠭᠦᠳ ᠢ ᠣᠷᠴᠢᠭᠤᠯᠬᠤ ᠰᠣᠶᠣᠷᠬᠠᠯ ᠢ ᠬᠠᠢᠷᠠᠯᠠᠭᠰᠠᠨ ᠠᠵᠢ᠃ 11 ᠡᠨᠡ ᠪᠦᠭᠦᠳᠡ ᠶᠢ ᠠᠳᠠᠯᠢᠬᠠᠨ ᠠᠷᠢᠭᠤᠨ ᠰᠦᠨᠡᠰᠦ ᠦᠢᠯᠡᠳᠳᠡᠭ ᠪᠥᠭᠡᠳ ᠥᠪᠡᠷ ᠦᠨ ᠢᠶᠠᠨ ᠲᠠᠭᠠᠯᠠᠯ ᠢᠶᠠᠷ ᠬᠥᠮᠦᠨ ᠪᠦᠷᠢ ᠳᠤ ᠬᠤᠪᠢᠶᠠᠷᠢᠯᠠᠨ ᠥᠭᠳᠡᠭ᠃
12 ᠪᠡᠶ᠎ᠡ ᠨᠢ ᠭᠠᠭᠴᠠᠬᠠᠨ ᠪᠠᠢᠪᠠᠴᠤ ᠣᠯᠠᠨ ᠡᠷᠬᠡᠲᠡᠨ ᠲᠡᠢ᠂ ᠡᠷᠬᠡᠲᠡᠨ ᠨᠢ ᠣᠯᠠᠨ ᠪᠠᠢᠪᠠᠴᠤ ᠪᠡᠶ᠎ᠡ ᠨᠢ ᠭᠠᠭᠴᠠᠬᠠᠨ ᠪᠠᠢᠳᠠᠭ᠃ ᠾᠷᠢᠰᠲ᠋ᠣᠰ ᠴᠤ ᠠᠳᠠᠯᠢᠬᠠᠨ᠃ 13 ᠪᠢᠳᠡ ᠪᠦᠭᠦᠳᠡᠭᠡᠷ ᠢᠶᠡᠨ ᠨᠢᠭᠡ ᠠᠷᠢᠭᠤᠨ ᠰᠦᠨᠡᠰᠦ ᠪᠡᠷ 8 ᠤᠬᠢᠶᠠᠯ ᠬᠦᠷᠲᠡᠵᠦ ᠨᠢᠭᠡ ᠪᠡᠶ᠎ᠡ ᠪᠣᠯᠣᠭᠰᠠᠨ᠃ ᠡᠭᠦᠨ ᠳᠦ ᠶᠦᠳᠠᠢᠴᠤᠳ ᠴᠤ᠂ ᠭᠷᠧᠭᠴᠦᠳ ᠴᠤ᠂ ᠪᠣᠭᠣᠯ ᠴᠤ᠂ ᠡᠷᠬᠡ ᠴᠢᠯᠥᠭᠡᠲᠦ ᠬᠥᠮᠦᠨ ᠴᠤ ᠢᠯᠭᠠᠭ᠎ᠠ ᠦᠭᠡᠢ᠃ ᠪᠠᠰᠠ ᠪᠢᠳᠡ ᠪᠦᠭᠦᠳᠡᠭᠡᠷ ᠢᠶᠡᠨ ᠨᠢᠭᠡ ᠠᠷᠢᠭᠤᠨ ᠰᠦᠨᠡᠰᠦ ᠪᠡᠷ ᠤᠮᠳᠠᠯᠠᠭᠳᠠᠬᠤ ᠪᠣᠯᠣᠯ᠎ᠠ᠃
14 ᠪᠡᠶ᠎ᠡ ᠳᠦ ᠭᠠᠭᠴᠠ ᠪᠤᠰᠤ᠂ ᠬᠠᠷᠢᠨ ᠣᠯᠠᠨ ᠡᠷᠬᠡᠲᠡᠨ ᠲᠡᠢ᠃ 15 ᠬᠥᠯ᠄ 《ᠪᠢ ᠭᠠᠷ ᠪᠢᠰᠢ ᠲᠤᠯᠠ ᠪᠡᠶ᠎ᠡ ᠶᠢᠨ ᠬᠢ ᠪᠢᠰᠢ》 ᠭᠡᠵᠦ ᠬᠡᠯᠡᠭᠰᠡᠨ ᠢᠶᠡᠷ ᠢᠶᠠᠨ ᠪᠡᠶ᠎ᠡ ᠶᠢᠨ ᠬᠢ ᠪᠢᠰᠢ ᠪᠠᠢᠵᠤ ᠴᠢᠳᠠᠬᠤ ᠦᠭᠡᠢ ᠪᠥᠭᠡᠳ 16 ᠴᠢᠬᠢ᠄ 《ᠪᠢ ᠨᠢᠳᠦ ᠪᠢᠰᠢ ᠲᠤᠯᠠ ᠪᠡᠶ᠎ᠡ ᠶᠢᠨ ᠬᠢ ᠪᠢᠰᠢ》 ᠭᠡᠵᠦ ᠬᠡᠯᠡᠭᠰᠡᠨ ᠢᠶᠡᠷ ᠢᠶᠠᠨ ᠪᠡᠶ᠎ᠡ ᠶᠢᠨ ᠬᠢ ᠪᠢᠰᠢ ᠪᠠᠢᠵᠤ ᠴᠢᠳᠠᠬᠤ ᠦᠭᠡᠢ᠃ 17 ᠪᠦᠲᠦᠨ ᠪᠡᠶ᠎ᠡ ᠨᠢᠳᠦ ᠪᠠᠢᠭᠰᠠᠨ ᠪᠣᠯ᠂ ᠬᠠᠮᠢᠭᠠᠭᠤᠷ ᠢᠶᠠᠨ ᠰᠣᠨᠣᠰᠬᠤ ᠪᠤᠢ︖ ᠪᠦᠲᠦᠨ ᠪᠡᠶ᠎ᠡ ᠴᠢᠬᠢ ᠪᠠᠢᠭᠰᠠᠨ ᠪᠣᠯ ᠬᠠᠮᠢᠭᠠᠭᠤᠷ ᠢᠶᠠᠨ ᠦᠨᠦᠷᠲᠦᠬᠦ ᠪᠤᠢ︖ 18 ᠬᠠᠷᠢᠨ ᠪᠤᠷᠬᠠᠨ ᠡᠷᠬᠡᠲᠡᠨ ᠨᠢᠭᠡ ᠪᠦᠷᠢ ᠶᠢ ᠥᠪᠡᠷ ᠦᠨ ᠢᠶᠠᠨ ᠰᠠᠨᠠᠭ᠎ᠠ ᠪᠠᠷ ᠪᠡᠶ᠎ᠡ ᠳᠦ ᠪᠠᠢᠷᠢᠯᠠᠭᠤᠯᠤᠭᠰᠠᠨ ᠶᠤᠮ᠃ 19 ᠬᠡᠷᠪᠡ ᠪᠦᠭᠦᠳᠡᠭᠡᠷ ᠢᠶᠡᠨ ᠨᠢᠭᠡ ᠯᠠ ᠡᠷᠬᠡᠲᠡᠨ ᠪᠠᠢᠭᠰᠠᠨ ᠪᠣᠯ᠂ ᠪᠡᠶ᠎ᠡ ᠬᠠᠮᠢᠭ᠎ᠠ ᠪᠠᠢᠬᠤ ᠪᠤᠢ︖ 20 ᠦᠨᠡᠨ ᠳᠡᠭᠡᠨ ᠡᠷᠬᠡᠲᠡᠨ ᠣᠯᠠᠨ ᠪᠣᠯᠪᠠᠴᠤ ᠪᠡᠶ᠎ᠡ ᠭᠠᠭᠴᠠᠬᠠᠨ ᠶᠤᠮ᠃ 21 ᠲᠡᠢᠨ ᠬᠦ ᠨᠢᠳᠦ ᠨᠢ ᠭᠠᠷ ᠲᠤ᠄ 《ᠴᠢ ᠨᠠᠳᠠ ᠳᠤ ᠬᠡᠷᠡᠭ ᠦᠭᠡᠢ》 ᠭᠡᠵᠦ ᠴᠢᠳᠠᠬᠤ ᠦᠭᠡᠢ᠂ ᠲᠣᠯᠣᠭᠠᠢ ᠨᠢ ᠬᠥᠯ ᠳᠤ᠄ 《ᠴᠢ ᠨᠠᠳᠠ ᠳᠤ ᠬᠡᠷᠡᠭ ᠦᠭᠡᠢ》 ᠭᠡᠵᠦ ᠴᠢᠳᠠᠬᠤ ᠦᠭᠡᠢ᠃ 22 ᠡᠭᠦᠨ ᠢᠶᠡᠷ ᠪᠠᠷᠠᠬᠤ ᠦᠭᠡᠢ᠂ ᠰᠤᠯᠠ ᠳᠣᠷᠣᠢ ᠭᠡᠵᠦ ᠦᠵᠡᠭᠳᠡᠳᠡᠭ ᠡᠷᠬᠡᠲᠡᠨ ᠨᠡᠩ ᠢᠯᠡᠭᠦᠦ ᠬᠡᠷᠡᠭ ᠲᠡᠢ᠂ 23 ᠪᠢᠳᠡ ᠴᠢᠬᠤᠯᠠ ᠪᠤᠰᠤ ᠭᠡᠵᠦ ᠦᠵᠡᠭᠰᠡᠨ ᠡᠷᠬᠡᠲᠡᠨ ᠢᠶᠡᠨ ᠨᠡᠩ ᠢᠯᠡᠭᠦᠦ ᠬᠦᠨᠳᠦᠲᠡᠢ ᠵᠦᠢᠯᠡᠰ ᠢᠶᠡᠷ ᠴᠢᠮᠡᠭᠯᠡᠳᠡᠭ ᠪᠥᠭᠡᠳ ᠦᠵᠡᠮᠵᠢ ᠦᠭᠡᠢ ᠡᠷᠬᠡᠲᠡᠨ ᠢᠶᠡᠨ ᠨᠡᠩ ᠢᠯᠡᠭᠦᠦ ᠦᠵᠡᠮᠵᠢᠲᠡᠢ ᠪᠣᠯᠭᠠᠳᠠᠭ᠃ 24 ᠦᠵᠡᠮᠵᠢᠲᠡᠢ ᠡᠷᠬᠡᠲᠡᠨ ᠨᠦᠭᠦᠳ ᠢ ᠪᠣᠯ ᠢᠩᠭᠢᠬᠦ ᠬᠡᠷᠡᠭ ᠦᠭᠡᠢ᠃ ᠬᠠᠷᠢᠨ ᠪᠤᠷᠬᠠᠨ ᠪᠡᠶ᠎ᠡ ᠶᠢ ᠪᠦᠷᠢᠯᠳᠦᠭᠦᠯᠬᠦ ᠳᠡᠭᠡᠨ ᠮᠡᠬᠦᠰ ᠡᠷᠬᠡᠲᠡᠨ ᠢ ᠨᠡᠩ ᠬᠦᠨᠳᠦ ᠪᠡᠷ ᠦᠵᠡᠭᠰᠡᠨ ᠨᠢ 25 ᠪᠡᠶ᠎ᠡ ᠶᠢᠨ ᠳᠣᠲᠣᠷ᠎ᠠ ᠬᠠᠭᠠᠷᠠᠯ ᠭᠠᠷᠬᠤ ᠦᠭᠡᠢ᠂ ᠡᠷᠬᠡᠲᠡᠨ ᠨᠦᠭᠦᠳ ᠢ ᠬᠠᠷᠢᠯᠴᠠᠨ ᠬᠠᠯᠠᠮᠵᠢᠯᠠᠭᠠᠰᠠᠢ ᠭᠡᠰᠡᠨ ᠳᠡᠭᠡᠨ ᠶᠤᠮ᠃ 26 ᠨᠢᠭᠡ ᠡᠷᠬᠡᠲᠡᠨ ᠵᠣᠪᠠᠪᠠᠯ ᠪᠤᠰᠤᠳ ᠡᠷᠬᠡᠲᠡᠨ ᠴᠥᠮ ᠢᠶᠡᠷ ᠢᠶᠠᠨ ᠵᠣᠪᠠᠵᠤ᠂ ᠨᠢᠭᠡ ᠡᠷᠬᠡᠲᠡᠨ ᠠᠯᠳᠠᠷᠰᠢᠪᠠᠯ ᠪᠤᠰᠤᠳ ᠡᠷᠬᠡᠲᠡᠨ ᠴᠥᠮ ᠢᠶᠡᠷ ᠢᠶᠠᠨ ᠪᠠᠶᠠᠷᠯᠠᠨ᠎ᠠ᠃
27 ᠲᠠ ᠨᠠᠷ ᠪᠣᠯ ᠾᠷᠢᠰᠲ᠋ᠣᠰ ᠤᠨ ᠪᠡᠶ᠎ᠡ ᠪᠥᠭᠡᠳ ᠲᠤᠰ ᠲᠤᠰ ᠲᠠᠭᠠᠨ ᠲᠡᠭᠦᠨ ᠦ ᠡᠷᠬᠡᠲᠡᠨ ᠮᠥᠨ᠃ 28 ᠴᠢᠭᠤᠯᠭᠠᠨ ᠤ ᠳᠣᠲᠣᠷ᠎ᠠ ᠪᠤᠷᠬᠠᠨ ᠤ ᠲᠣᠮᠢᠯᠠᠭᠰᠠᠨ ᠬᠥᠮᠦᠰ ᠭᠡᠪᠡᠯ᠂ ᠨᠢᠭᠡᠳᠦᠭᠡᠷ ᠲᠦ ᠰᠢᠳᠠᠷ ᠱᠠᠪᠢ ᠨᠠᠷ᠂ ᠬᠣᠶᠠᠳᠤᠭᠠᠷ ᠲᠤ ᠡᠰᠢ ᠦᠵᠡᠭᠦᠯᠦᠭᠴᠢᠳ᠂ ᠭᠤᠷᠪᠠᠳᠤᠭᠠᠷ ᠲᠤ ᠪᠠᠭᠰᠢ ᠨᠠᠷ᠂ ᠳᠠᠷᠠᠭ᠎ᠠ ᠨᠢ ᠰᠢᠳᠢ ᠲᠡᠮᠳᠡᠭ ᠦᠢᠯᠡᠳᠦᠭᠴᠢᠳ᠂ ᠳᠠᠷᠠᠭ᠎ᠠ ᠨᠢ ᠡᠳᠡᠭᠡᠭᠡᠬᠦ ᠰᠣᠶᠣᠷᠬᠠᠯ ᠲᠠᠢ ᠬᠥᠮᠦᠰ᠂ ᠲᠤᠰᠠᠯᠠᠭᠴᠢᠳ᠂ ᠤᠳᠤᠷᠢᠳᠤᠭᠴᠢᠳ᠂ ᠣᠯᠠᠨ ᠲᠥᠷᠥᠯ ᠦᠨ ᠥᠭᠡᠷ᠎ᠡ ᠬᠡᠯᠡ ᠪᠡᠷ ᠶᠠᠷᠢᠭᠴᠢᠳ ᠶᠤᠮ᠃ 29 ᠪᠦᠭᠦᠳᠡᠭᠡᠷ ᠢᠶᠡᠨ ᠰᠢᠳᠠᠷ ᠱᠠᠪᠢ ᠤᠤ︖ ᠪᠦᠭᠦᠳᠡᠭᠡᠷ ᠢᠶᠡᠨ ᠡᠰᠢ ᠦᠵᠡᠭᠦᠯᠦᠭᠴᠢ ᠤᠤ︖ ᠪᠦᠭᠦᠳᠡᠭᠡᠷ ᠢᠶᠡᠨ ᠪᠠᠭᠰᠢ ᠤᠤ︖ ᠪᠦᠭᠦᠳᠡᠭᠡᠷ ᠢᠶᠡᠨ ᠰᠢᠳᠢ ᠲᠡᠮᠳᠡᠭ ᠦᠢᠯᠡᠳᠦᠭᠴᠢ ᠤᠤ︖ 30 ᠪᠦᠭᠦᠳᠡᠭᠡᠷ ᠢᠶᠡᠨ ᠡᠳᠡᠭᠡᠭᠡᠬᠦ ᠰᠣᠶᠣᠷᠬᠠᠯ ᠲᠠᠢ ᠤᠤ︖ ᠪᠦᠭᠦᠳᠡᠭᠡᠷ ᠢᠶᠡᠨ ᠥᠭᠡᠷ᠎ᠡ ᠬᠡᠯᠡ ᠨᠦᠭᠦᠳ ᠢᠶᠡᠷ ᠶᠠᠷᠢᠳᠠᠭ ᠤᠤ︖ ᠪᠦᠭᠦᠳᠡᠭᠡᠷ ᠢᠶᠡᠨ ᠣᠷᠴᠢᠭᠤᠯᠳᠠᠭ ᠤᠤ︖ 31 ᠲᠠ ᠨᠠᠷ ᠨᠡᠩ ᠠᠭᠤᠤ ᠰᠣᠶᠣᠷᠬᠠᠯ ᠤᠳ ᠤᠷᠤᠭᠤ ᠬᠦᠰᠡᠨ ᠲᠡᠮᠡᠦᠯᠦᠭᠲᠦᠨ 9 ᠃