ᠵᠦᠢᠷ ᠮᠡᠷᠭᠡᠨ ᠦᠭᠡᠰ ᠨᠢᠭᠡ
ᠵᠣᠷᠢᠯᠭ᠎ᠠ ᠪᠠ ᠭᠣᠣᠯ ᠰᠡᠳᠦᠪ
1 ᠡᠨᠡ ᠵᠦᠢᠷ ᠮᠡᠷᠭᠡᠨ ᠦᠭᠡᠰ ᠪᠣᠯ ᠢᠰᠷᠧᠯ ᠤᠨ ᠬᠠᠭᠠᠨ᠂ ᠳ᠋ᠠᠸᠢᠳ᠋ ᠤᠨ ᠬᠥᠪᠡᠭᠦᠨ ᠰᠣᠯᠣᠮᠣᠨ ᠤ ᠬᠢ ᠪᠥᠭᠡᠳ
2 ᠮᠡᠷᠭᠡᠨ ᠤᠬᠠᠭᠠᠨ ᠬᠢᠭᠡᠳ ᠵᠢᠭᠠᠪᠤᠷᠢ ᠶᠢ ᠮᠡᠳᠡᠬᠦ ᠮᠡᠳᠡᠯᠭᠡ ᠤᠬᠠᠭᠠᠨ ᠤ ᠦᠭᠡ ᠬᠡᠯᠡ ᠶᠢ ᠣᠢᠯᠠᠭᠠᠬᠤ
3 ᠵᠥᠪ᠂ ᠰᠢᠳᠤᠷᠭᠤ᠂ ᠭᠣᠣᠯᠴᠢ ᠶᠣᠰᠣ ᠶᠢ ᠤᠬᠠᠭᠠᠷᠠᠬᠤ ᠵᠢᠭᠠᠪᠤᠷᠢ ᠶᠢ ᠠᠪᠬᠤ
4 ᠬᠡᠷᠰᠡᠦ ᠤᠬᠠᠭᠠᠨ ᠢ ᠭᠡᠨᠡᠨ ᠨᠢᠭᠡᠨ ᠳᠦ ᠮᠡᠳᠡᠯᠭᠡ ᠪᠠ ᠪᠣᠳᠣᠯᠭ᠎ᠠ ᠶᠢ ᠢᠳᠡᠷ ᠵᠠᠯᠠᠭᠤ ᠳᠤ ᠥᠭᠬᠦ ᠶᠢᠨ ᠲᠤᠯᠠᠳᠠ ᠶᠤᠮ᠃
5 《ᠮᠡᠷᠭᠡᠨ ᠨᠢ ᠰᠣᠨᠣᠰᠴᠤ ᠮᠡᠳᠡᠯᠭᠡ ᠪᠡᠨ ᠳᠡᠯᠡᠨ᠎ᠡ ᠤᠬᠠᠭᠠᠯᠢᠭ ᠨᠢ ᠴᠢᠭᠯᠡᠯ ᠢᠶᠡᠨ ᠣᠯᠣᠨ᠎ᠠ᠂》
6 ᠵᠦᠢᠷ ᠮᠡᠷᠭᠡᠨ ᠦᠭᠡᠰ ᠬᠢᠭᠡᠳ ᠶᠣᠭᠲᠠ ᠶᠠᠷᠢᠶ᠎ᠠ ᠮᠡᠷᠭᠡᠳ ᠦᠨ ᠦᠭᠡᠰ ᠬᠢᠭᠡᠳ ᠣᠨᠢᠰᠣᠭ᠎ᠠ ᠲᠠᠭᠠᠪᠤᠷᠢ ᠶᠢ ᠣᠢᠯᠠᠭᠠᠬᠤ ᠪᠣᠯᠣᠨ᠎ᠠ᠃
7 ᠶᠣᠬᠣᠸᠠ ᠠᠴᠠ ᠡᠮᠢᠶᠡᠬᠦᠢ ᠨᠢ ᠮᠡᠳᠡᠯᠭᠡ ᠶᠢᠨ ᠡᠬᠢᠯᠡᠯ ᠮᠤᠩ᠋ᠬᠠᠭ ᠨᠢ ᠬᠠᠷᠢᠨ ᠮᠡᠷᠭᠡᠨ ᠤᠬᠠᠭᠠᠨ᠂ ᠵᠢᠭᠠᠪᠤᠷᠢ ᠶᠢ ᠪᠠᠰᠤᠮᠵᠢᠯᠠᠳᠠᠭ᠃
ᠭᠡᠮ ᠨᠢᠭᠦᠯ ᠦᠨ ᠤᠷᠤᠭᠤ ᠲᠠᠲᠠᠯᠲᠠ
8 ᠬᠦᠦ ᠮᠢᠨᠢ ᠡᠴᠢᠭᠡ ᠶᠢᠨ ᠢᠶᠠᠨ ᠵᠢᠭᠠᠪᠤᠷᠢ ᠶᠢ ᠰᠣᠨᠣᠰ ᠡᠬᠡ ᠶᠢᠨ ᠢᠶᠠᠨ ᠰᠤᠷᠭᠠᠯ ᠢ ᠪᠦᠦ ᠣᠭᠣᠷ
9 ᠡᠳᠡ ᠯᠠ ᠲᠡᠷᠢᠭᠦᠨ ᠦ ᠴᠢᠨᠢ ᠭᠣᠶᠣᠮᠰᠣᠭ ᠲᠢᠲᠢᠮ ᠬᠦᠵᠦᠭᠦᠨ ᠦ ᠴᠢᠨᠢ ᠵᠡᠭᠦᠯᠲᠡ ᠶᠤᠮ᠃
10 ᠬᠦᠦ ᠮᠢᠨᠢ᠂ ᠨᠢᠭᠦᠯᠲᠡᠳ ᠤᠷᠤᠭᠤ ᠲᠠᠲᠠᠪᠠᠯ᠂ ᠪᠦᠦ ᠵᠥᠪᠰᠢᠶᠡᠷᠡ
11 ᠬᠡᠷᠪᠡ ᠲᠡᠳᠡ ᠴᠢᠮ᠎ᠠ ᠳᠤ᠄ 《ᠪᠢᠳᠡᠨ ᠲᠡᠢ ᠶᠠᠪᠤᠶ᠎ᠠ ᠬᠡᠨ ᠨᠢᠭᠡᠨ ᠦ ᠴᠢᠰᠤ ᠶᠢ ᠭᠡᠲᠡᠨ ᠲᠣᠰᠣᠶᠠ ᠭᠡᠮ ᠦᠭᠡᠢ ᠨᠢᠭᠡᠨ ᠢ ᠳᠠᠯᠢᠮᠳᠠᠭᠤᠯᠤᠨ ᠣᠳᠣᠶᠠ
12 ᠪᠦᠬᠦᠯᠢ ᠪᠠᠷ ᠨᠢ ᠠᠯᠮᠠᠨ 1 ᠳᠤ ᠤᠨᠠᠭᠠᠳᠠᠭ ᠰᠢᠭ᠋ ᠠᠮᠢᠳᠤ ᠪᠠᠷ ᠨᠢ ᠲᠡᠳᠡᠨ ᠢ ᠲᠠᠮᠤ ᠰᠢᠭ᠋ ᠵᠠᠯᠭᠢᠶᠠ
13 ᠣᠯᠠᠨ ᠦᠨᠡᠲᠦ ᠡᠷᠳᠡᠨᠢᠰ ᠣᠯᠵᠤ ᠣᠷᠣᠨ ᠭᠡᠷ ᠢᠶᠡᠨ ᠣᠯᠵᠠ ᠪᠠᠷ ᠳᠦᠭᠦᠷᠭᠡᠶᠡ
14 ᠨᠢᠭᠡᠳᠴᠦ 2 ᠬᠣᠷᠰᠢᠵᠠᠭᠠᠶᠠ ᠨᠢᠭᠡ ᠲᠦᠷᠡᠢᠪᠴᠢ ᠲᠠᠢ ᠪᠠᠢᠵᠠᠭᠠᠶᠠ》 ᠭᠡᠪᠡᠯ᠂
15 ᠬᠦᠦ ᠮᠢᠨᠢ᠂ ᠲᠡᠳᠡᠨ ᠦ ᠵᠠᠮ ᠢᠶᠠᠷ ᠪᠦᠦ ᠶᠠᠪᠤ ᠬᠥᠯ ᠢᠶᠡᠨ ᠲᠡᠳᠡᠨ ᠦ ᠵᠢᠮ ᠡᠴᠡ ᠲᠠᠲᠠᠵᠤ ᠠᠪ
16 ᠲᠡᠳᠡᠨ ᠦ ᠬᠥᠯ ᠬᠣᠷᠣᠨ ᠮᠠᠭᠤ ᠤᠷᠤᠭᠤ ᠤᠬᠤᠰᠬᠢᠳᠠᠭ ᠲᠡᠳᠡ ᠴᠢᠰᠤ ᠤᠷᠤᠰᠬᠠᠬᠤ ᠪᠠᠷ ᠶᠠᠭᠠᠷᠠᠳᠠᠭ᠃
17 ᠠᠯᠢ ᠴᠤ ᠵᠢᠭᠦᠷᠲᠡᠨ ᠦ ᠨᠢᠳᠦᠨ ᠳᠣᠣᠷ᠎ᠠ ᠲᠣᠣᠷ ᠲᠠᠯᠪᠢᠬᠤ ᠨᠢ ᠴᠤᠬᠤᠮ ᠲᠠᠯᠠᠭᠠᠷ ᠠᠲᠠᠯ᠎ᠠ
18 ᠥᠪᠡᠷᠰᠡᠳ ᠦᠨ ᠢᠶᠠᠨ ᠴᠢᠰᠤ ᠶᠢ ᠲᠡᠳᠡ ᠭᠡᠲᠡᠨ ᠳᠤᠰᠤᠨ᠎ᠠ ᠥᠪᠡᠷᠰᠡᠳ ᠦᠨ ᠢᠶᠠᠨ ᠠᠮᠢ ᠶᠢ ᠯᠠ ᠣᠳᠣᠨ᠎ᠠ᠃
19 ᠪᠤᠯᠢᠶᠠᠵᠤ ᠣᠯᠣᠭᠴᠢ ᠪᠦᠬᠦᠨ ᠦ ᠵᠠᠮ ᠡᠢᠮᠦ ᠪᠢᠯᠡ ᠪᠤᠵᠠᠷ ᠣᠯᠵᠠ ᠨᠢ ᠡᠵᠡᠮᠰᠢᠭ᠍ᠴᠢ ᠶᠢᠨ ᠢᠶᠠᠨ ᠠᠮᠢ ᠶᠢ ᠠᠪᠳᠠᠭ ᠪᠢᠯᠡ᠃
ᠮᠡᠷᠭᠡᠨ ᠤᠬᠠᠭᠠᠨ ᠤ ᠤᠷᠢᠶᠠᠯᠭ᠎ᠠ
20 ᠮᠡᠷᠭᠡᠨ ᠤᠬᠠᠭᠠᠨ 3 ᠭᠤᠳᠤᠮᠵᠢᠨ ᠳᠤ ᠬᠠᠰᠬᠢᠷᠴᠤ ᠲᠠᠯᠠᠪᠠᠢ ᠳᠤ ᠳᠠᠭᠤ ᠪᠠᠨ ᠬᠠᠲᠠᠭᠠᠵᠤ 4
21 ᠱᠤᠤᠭᠢᠶᠠᠨᠲᠤ ᠭᠤᠳᠤᠮᠵᠢᠨ ᠤ ᠠᠮᠠᠨ ᠳᠡᠭᠡᠷ᠎ᠡ ᠲᠡᠷᠡ ᠣᠷᠢᠯᠠᠵᠤ ᠬᠣᠲᠠ ᠶᠢᠨ ᠬᠠᠭᠠᠯᠭᠠᠨ ᠤ ᠠᠮᠠᠨ ᠳᠡᠭᠡᠷ᠎ᠡ ᠥᠭᠦᠯᠡᠵᠦ ᠪᠠᠢᠨ᠎ᠠ᠄
22 《ᠭᠡᠨᠡᠨ ᠬᠥᠮᠦᠰ ᠡ᠂ ᠬᠡᠵᠢᠶ᠎ᠡ ᠪᠣᠯᠲᠠᠯ᠎ᠠ ᠭᠡᠨᠡᠨ ᠪᠠᠢᠳᠠᠯ ᠢᠶᠠᠨ ᠬᠠᠢᠷᠠᠯᠠᠭᠰᠠᠭᠠᠷ ᠪᠠᠰᠤᠮᠵᠢᠯᠠᠭᠴᠢᠳ ᠲᠠ ᠨᠠᠷ ᠪᠠᠰᠤᠮᠵᠢᠯᠠᠯ ᠢᠶᠠᠷ ᠢᠶᠠᠨ ᠪᠠᠬᠠᠷᠬᠠᠭᠰᠠᠭᠠᠷ ᠮᠤᠩ᠋ᠬᠠᠭ ᠤᠳ ᠲᠠ ᠨᠠᠷ ᠮᠡᠳᠡᠯᠭᠡ ᠶᠢ ᠦᠵᠡᠨ ᠶᠠᠳᠠᠭᠰᠠᠭᠠᠷ ᠪᠠᠢᠬᠤ ᠶᠤᠮ ᠪᠤᠢ︖
23 ᠵᠢᠮᠡᠯᠡᠯ ᠳᠦ ᠮᠢᠨᠢ ᠡᠷᠭᠢᠵᠦ ᠬᠠᠨᠳᠤᠵᠠᠭᠠ ᠰᠦᠨᠡᠰᠦ ᠪᠡᠨ ᠪᠢ ᠲᠠ ᠨᠠᠷ ᠲᠤ ᠪᠢᠯᠬᠠᠭᠤᠯᠤᠶᠠ ᠦᠭᠡ ᠪᠡᠨ ᠲᠠ ᠨᠠᠷ ᠲᠤ ᠲᠠᠨᠢᠭᠤᠯᠤᠶ᠎ᠠ
24 ᠪᠢ ᠳᠠᠭᠤᠳᠠᠬᠤ ᠳᠤ᠂ ᠲᠠ ᠨᠠᠷ ᠦᠯᠦ ᠬᠠᠢᠬᠤᠷᠤᠭᠰᠠᠨ ᠭᠠᠷ ᠢᠶᠠᠨ ᠰᠤᠩ᠋ᠭᠠᠬᠤ ᠳᠤ ᠮᠢᠨᠢ᠂ ᠦᠯᠦ ᠠᠩ᠋ᠬᠠᠷᠤᠭᠰᠠᠨ
25 ᠵᠥᠪᠯᠡᠯᠭᠡ ᠪᠦᠷᠢ ᠶᠢ ᠮᠢᠨᠢ ᠲᠠ ᠨᠠᠷ ᠦᠯᠦ ᠣᠢᠰᠢᠶᠠᠭᠰᠠᠨ ᠵᠢᠮᠡᠯᠡᠯ ᠢ ᠮᠢᠨᠢ ᠪᠠᠰᠠ ᠬᠦᠯᠢᠶᠡᠵᠦ ᠡᠰᠡ ᠠᠪᠤᠭᠰᠠᠨ ᠤᠴᠢᠷ ᠠᠴᠠ
26 ᠦᠢᠯᠡ ᠵᠣᠪᠠᠯᠠᠩ ᠤᠨ ᠴᠠᠭ ᠲᠤ ᠴᠢᠨᠢ ᠪᠢ ᠴᠤ ᠢᠨᠢᠶᠡᠨ᠎ᠡ ᠠᠢᠳᠠᠰ ᠲᠤ ᠠᠪᠲᠠᠬᠤ ᠦᠶ᠎ᠡ ᠳᠦ ᠴᠢᠨᠢ ᠪᠢ ᠴᠤ ᠲᠣᠬᠣᠭᠠᠷᠬᠠᠨᠠ᠂
27 ᠠᠢᠳᠠᠰ ᠬᠦᠢᠳᠡᠰ ᠬᠠᠷ᠎ᠠ ᠰᠢᠭᠤᠷᠭ᠎ᠠ ᠮᠡᠲᠦ ᠢᠷᠡᠵᠦ ᠠᠶᠤᠯ ᠭᠠᠮᠰᠢᠭ ᠬᠤᠢ ᠰᠠᠯᠬᠢ ᠰᠢᠭ᠋ ᠨᠥᠮᠥᠷᠴᠦ ᠲᠦᠢᠳᠬᠡᠷ ᠵᠣᠪᠠᠯᠠᠩ ᠲᠠ ᠨᠠᠷ ᠳᠡᠭᠡᠷ᠎ᠡ ᠪᠠᠭᠤᠨ᠎ᠠ
28 ᠲᠡᠭᠡᠬᠦ ᠳᠦ ᠨᠠᠮᠠᠶᠢ ᠳᠠᠭᠤᠳᠠᠪᠠᠴᠤ ᠪᠢ ᠬᠠᠷᠢᠭᠤ ᠡᠰᠡ ᠥᠭᠭᠥᠨ᠎ᠡ ᠲᠡᠳᠡ ᠡᠷᠢᠪᠡᠴᠦ ᠨᠠᠮᠠᠶᠢ ᠡᠰᠡ ᠣᠯᠣᠨ᠎ᠠ᠂
29 ᠲᠡᠳᠡ ᠮᠡᠳᠡᠯᠭᠡ ᠶᠢ ᠦᠵᠡᠨ ᠶᠠᠳᠠᠵᠤ ᠶᠣᠬᠣᠸᠠ ᠠᠴᠠ ᠡᠮᠢᠶᠡᠬᠦᠢ ᠶᠢ ᠰᠣᠩ᠋ᠭᠣᠯ ᠦᠭᠡᠢ
30 ᠵᠥᠪᠯᠡᠯᠭᠡ ᠶᠢ ᠮᠢᠨᠢ ᠬᠦᠯᠢᠶᠡᠵᠦ ᠠᠪᠤᠯ ᠦᠭᠡᠢ ᠵᠢᠮᠡᠯᠡᠯ ᠪᠦᠷᠢ ᠶᠢ ᠮᠢᠨᠢ ᠣᠭᠣᠷᠣᠭᠰᠠᠨ ᠲᠤᠯᠠ
31 ᠦᠢᠯᠡ ᠶᠢᠨ ᠢᠶᠠᠨ ᠦᠷ᠎ᠡ ᠢ ᠢᠳᠡᠵᠦ ᠵᠠᠯᠢ ᠶᠢᠨ ᠢᠶᠠᠨ ᠵᠢᠮᠢᠰ ᠢᠶᠠᠷ ᠴᠠᠳᠤᠨ᠎ᠠ᠂
32 ᠤᠴᠢᠷ ᠨᠢ ᠭᠡᠨᠡᠨ ᠨᠢᠭᠡᠨ ᠦ ᠤᠷᠪᠠᠯᠲᠠ ᠥᠪᠡᠷ ᠢ ᠨᠢ ᠬᠥᠨᠥᠭᠡᠨ᠎ᠡ ᠮᠤᠩ᠋ᠬᠠᠭ ᠤᠨ ᠠᠯᠮᠠᠢᠷᠠᠯ ᠥᠪᠡᠷ ᠢ ᠨᠢ ᠰᠥᠨᠥᠭᠡᠨ᠎ᠡ᠂
33 ᠬᠠᠷᠢᠨ ᠮᠢᠨᠦᠬᠢ ᠶᠢ ᠰᠣᠨᠣᠰᠣᠭᠴᠢ ᠠᠶᠤᠯ ᠦᠭᠡᠢ ᠠᠮᠢᠳᠤᠷᠠᠨ᠎ᠠ ᠬᠣᠷᠣᠨ ᠮᠠᠭᠤ ᠶᠢᠨ ᠠᠢᠳᠠᠰ ᠦᠭᠡᠢ ᠠᠮᠤᠷ ᠲᠠᠢᠪᠤᠩ ᠪᠣᠯᠣᠨ᠎ᠠ᠃》