1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠠᠷᠪᠠ ᠶᠢᠰᠦ
1 ᠶᠠᠳᠠᠭᠤ ᠪᠣᠯᠪᠠᠴᠤ ᠥ ᠦᠭᠡᠢ ᠶᠠᠪᠤᠳᠠᠯ ᠲᠠᠢ ᠨᠢ ᠭᠠᠵᠢ ᠶᠠᠷᠢᠶ᠎ᠠ ᠲᠠᠢ ᠮᠤᠩ᠋ᠬᠠᠭ ᠠᠴᠠ ᠳᠡᠭᠡᠷ᠎ᠡ᠃
2 ᠮᠡᠳᠡᠯᠭᠡ ᠦᠭᠡᠢ ᠪᠠᠷ ᠮᠥᠷᠥᠭᠡᠳᠬᠦ ᠮᠡᠩᠳᠡᠭᠦᠦ ᠬᠥᠯ ᠢᠶᠡᠷ ᠪᠤᠷᠤᠭᠤᠳᠬᠤ ᠨᠢ ᠰᠠᠢᠨ ᠪᠢᠰᠢ᠃
3 ᠬᠥᠮᠦᠨ ᠮᠤᠩ᠋ᠬᠠᠭ ᠢᠶᠠᠷ ᠢᠶᠠᠨ ᠵᠠᠮ ᠢᠶᠠᠨ ᠮᠤᠷᠤᠢᠯᠭᠠᠳᠠᠭ ᠠᠲᠠᠯ᠎ᠠ ᠪᠠᠨ ᠶᠣᠬᠣᠸᠠ ᠳᠤ ᠠᠭᠤᠷ ᠢᠶᠠᠨ ᠭᠠᠷᠭᠠᠳᠠᠭ᠃
4 ᠡᠳ᠋ ᠪᠠᠶᠠᠯᠢᠭ ᠨᠠᠢᠵᠠ ᠶᠢ ᠣᠯᠠᠰᠢᠷᠠᠭᠤᠯᠵᠤ ᠶᠠᠳᠠᠭᠤᠷᠠᠯ ᠨᠠᠢᠵᠠ ᠠᠴᠠ ᠰᠠᠯᠭᠠᠨ᠎ᠠ᠃
5 ᠬᠠᠭᠤᠷᠮᠠᠴᠢ ᠭᠡᠷᠡᠴᠢ ᠰᠢᠳᠬᠡᠯ ᠦᠭᠡᠢ ᠥᠩᠭᠡᠷᠡᠬᠦ ᠦᠭᠡᠢ ᠬᠤᠳᠠᠯ ᠦᠯᠢᠶᠡᠭᠴᠢ ᠴᠤ ᠮᠤᠯᠲᠤᠷᠠᠬᠤ ᠦᠭᠡᠢ᠃
6 ᠨᠣᠶᠠᠳ ᠢ ᠣᠯᠠᠨ ᠬᠥᠮᠦᠨ ᠴᠢᠷᠠᠢᠴᠢᠯᠠᠳᠠᠭ ᠪᠡᠯᠡᠭ ᠥᠭᠭᠥᠭᠴᠢ ᠳᠤ ᠬᠥᠮᠦᠨ ᠪᠦᠷᠢ ᠨᠠᠢᠵᠠ᠃
7 ᠠᠬ᠎ᠠ ᠳᠡᠭᠦᠦᠰ ᠨᠢ ᠴᠤ ᠶᠠᠳᠠᠭᠤ ᠶᠢ ᠦᠵᠡᠨ ᠶᠠᠳᠠᠪᠠᠯ ᠠᠨᠳᠠ ᠨᠠᠷ ᠨᠢ ᠲᠡᠭᠦᠨ ᠡᠴᠡ ᠶᠠᠮᠠᠷ ᠶᠡᠬᠡ ᠬᠣᠯᠠᠳᠠᠬᠤ ᠪᠣᠯ︕ ᠠᠷᠤ ᠠᠴᠠ ᠨᠢ ᠳᠠᠭᠤᠳᠠᠭᠰᠠᠨ ᠴᠤ ᠲᠡᠳᠡ ᠠᠯᠠᠭ᠎ᠠ ᠪᠣᠯᠣᠨ᠎ᠠ᠃
8 ᠰᠡᠴᠡᠨ ᠤᠬᠠᠭᠠᠨ ᠢ ᠡᠵᠡᠮᠰᠢᠭ᠍ᠴᠢ ᠨᠢ ᠥᠪᠡᠷ ᠢ ᠪᠠᠨ ᠬᠠᠢᠷᠠᠯᠠᠭᠴᠢ ᠮᠡᠳᠡᠯᠭᠡ ᠤᠬᠠᠭᠠᠨ ᠢ ᠡᠷᠬᠢᠮᠯᠡᠭᠴᠢ ᠨᠢ ᠰᠠᠢᠨ ᠢ ᠣᠯᠣᠨ᠎ᠠ᠃
9 ᠬᠠᠭᠤᠷᠮᠠᠴᠢ ᠭᠡᠷᠡᠴᠢ ᠰᠢᠳᠬᠡᠯ ᠦᠭᠡᠢ ᠥᠩᠭᠡᠷᠡᠬᠦ ᠦᠭᠡᠢ ᠬᠤᠳᠠᠯ ᠦᠯᠢᠶᠡᠭᠴᠢ ᠴᠤ ᠮᠥᠬᠥᠨ᠎ᠡ᠃
10 ᠮᠤᠩ᠋ᠬᠠᠭ ᠲᠤ ᠲᠠᠩᠰᠤᠭᠯᠠᠯ ᠵᠣᠬᠢᠰ ᠦᠭᠡᠢ ᠪᠣᠭᠣᠯ ᠨᠣᠶᠠᠳ ᠢ ᠵᠠᠬᠢᠷᠬᠤ ᠨᠢ ᠪᠦᠷ ᠲᠠᠭᠠᠷᠠᠬᠤ ᠦᠭᠡᠢ᠃
11 ᠠᠯᠭᠤᠷ ᠠᠭᠤᠷᠯᠠᠬᠤ ᠨᠢ ᠬᠥᠮᠦᠨ ᠦ ᠬᠡᠷᠰᠡᠦ ᠠᠯᠳᠠᠭ᠎ᠠ ᠶᠢ ᠬᠦᠯᠢᠴᠡᠬᠦ ᠨᠢ ᠲᠡᠭᠦᠨ ᠦ ᠠᠯᠳᠠᠷ᠃
12 ᠬᠠᠭᠠᠨ ᠤ ᠬᠢᠯᠢᠩ ᠨᠢ ᠠᠷᠰᠯᠠᠨ ᠤ ᠠᠷᠬᠢᠷᠠᠭᠠᠨ ᠠᠳᠠᠯᠢ ᠲᠠᠭᠠᠯᠠᠯ ᠨᠢ ᠡᠪᠡᠰᠦᠨ ᠳᠡᠭᠡᠷᠡᠬᠢ ᠰᠢᠭᠦᠳᠡᠷᠢ ᠮᠡᠲᠦ᠃
13 ᠮᠤᠩ᠋ᠬᠠᠭ ᠬᠦᠦ ᠡᠴᠢᠭᠡ ᠶᠢᠨ ᠢᠶᠠᠨ ᠰᠦᠢᠷᠡᠯ ᠬᠡᠷᠡᠭᠦᠯᠴᠢ ᠡᠬᠡᠨᠡᠷ ᠲᠠᠰᠤᠷᠠᠯ ᠦᠭᠡᠢ ᠭᠣᠭᠣᠵᠢᠬᠤ ᠳᠤᠰᠤᠯ᠃
14 ᠭᠡᠷ ᠬᠥᠷᠥᠩᠭᠡ ᠶᠢ ᠡᠴᠢᠭᠡ ᠡᠴᠡ ᠥᠪᠯᠡᠨ᠎ᠡ ᠤᠬᠠᠭᠠᠯᠢᠭ ᠭᠡᠷᠭᠡᠢ ᠨᠢ ᠶᠣᠬᠣᠸᠠ ᠠᠴᠠ᠃
15 ᠠᠯᠵᠠᠭᠤᠷᠠᠯ ᠨᠣᠢᠷ ᠲᠤ ᠠᠪᠲᠠᠭᠤᠯᠤᠨ᠎ᠠ ᠠᠯᠬᠠᠭ ᠬᠥᠮᠦᠨ ᠥᠯᠥᠰᠥᠨ᠎ᠡ᠃
16 ᠵᠠᠷᠯᠢᠭ ᠰᠠᠬᠢᠭᠴᠢ ᠠᠮᠢ ᠪᠠᠨ ᠰᠠᠬᠢᠨ᠎ᠠ ᠵᠠᠮ ᠢᠶᠠᠨ ᠪᠠᠰᠤᠭᠴᠢ ᠠᠮᠢ ᠪᠠᠨ ᠠᠯᠳᠠᠨ᠎ᠠ᠃
17 ᠦᠭᠡᠭᠦᠦ ᠶᠢ ᠡᠨᠡᠷᠢᠭ᠍ᠴᠢ ᠶᠣᠬᠣᠸᠠ ᠳᠤ ᠵᠢᠭᠡᠯᠡᠭᠦᠯᠦᠭᠴᠢ ᠲᠡᠷᠡ ᠲᠡᠭᠦᠨ ᠦ ᠦᠢᠯᠡᠰ ᠦᠨ ᠬᠠᠷᠢᠭᠤ ᠶᠢ ᠪᠤᠴᠠᠭᠠᠨ᠎ᠠ᠃
18 ᠨᠠᠢᠳᠠᠪᠤᠷᠢ ᠪᠠᠢᠬᠤ ᠳᠤᠨᠢ ᠬᠦᠦ ᠪᠡᠨ ᠰᠠᠬᠢᠯᠭᠠᠵᠢᠭᠤᠯ ᠦᠬᠦᠯ ᠢ ᠨᠢ ᠪᠦᠦ ᠬᠦᠰᠡ᠃
19 ᠰᠢᠷᠦᠭᠦᠨ ᠠᠭᠠᠰᠢᠲᠠᠨ ᠰᠢᠳᠬᠡᠯ ᠬᠦᠯᠢᠶᠡᠬᠦ ᠶᠣᠰᠣᠲᠠᠢ ᠨᠢᠭᠡ ᠬᠡᠯᠲᠦᠷᠢᠭᠦᠯᠬᠦ ᠳᠦ ᠳᠠᠬᠢᠭᠠᠳ ᠳᠠᠪᠲᠠᠨ᠎ᠠ᠃
20 ᠵᠥᠪᠯᠡᠯᠭᠡ ᠶᠢ ᠰᠣᠨᠣᠰ᠂ ᠵᠢᠭᠠᠪᠤᠷᠢ ᠶᠢ ᠬᠦᠯᠢᠶᠡ ᠬᠣᠵᠢᠮ ᠴᠢ ᠮᠡᠷᠭᠡᠨ ᠪᠣᠯᠣᠨ᠎ᠠ᠃
21 ᠬᠥᠮᠦᠨ ᠦ ᠳᠣᠲᠣᠷ᠎ᠠ ᠣᠯᠠᠨ ᠲᠥᠯᠥᠪᠯᠡᠭᠡ ᠪᠠᠢᠪᠠᠴᠤ ᠶᠣᠬᠣᠸᠠ ᠶᠢᠨ ᠵᠣᠷᠢᠯᠭ᠎ᠠ ᠯᠠ ᠪᠡᠶᠡᠯᠡᠨ᠎ᠡ᠃
22 ᠬᠥᠮᠦᠨ ᠦ ᠬᠦᠰᠡᠳᠡᠭ ᠨᠢ ᠢᠲᠡᠭᠡᠮᠵᠢ ᠬᠤᠳᠠᠯᠴᠢ ᠶᠠᠪᠤᠬᠤ ᠠᠴᠠ ᠦᠭᠡᠭᠦᠦ ᠨᠢ ᠳᠡᠭᠡᠷ᠎ᠡ᠃
23 ᠶᠣᠬᠣᠸᠠ ᠠᠴᠠ ᠡᠮᠢᠶᠡᠬᠦᠢ ᠨᠢ ᠠᠮᠢ ᠲᠡᠰᠢ ᠡᠭᠦᠨ ᠢᠶᠡᠷ ᠶᠠᠷᠰᠢᠭ ᠦᠭᠡᠢ ᠠᠮᠤᠭᠤᠯᠠᠩ ᠪᠠᠢᠬᠤ ᠪᠣᠯᠣᠨ᠎ᠠ᠃
24 ᠠᠯᠬᠠᠭ ᠬᠥᠮᠦᠨ ᠭᠠᠷ ᠢᠶᠠᠨ ᠲᠠᠪᠠᠭ ᠲᠠᠭᠠᠨ ᠲᠥᠷᠥᠭᠰᠡᠨ ᠴᠤ ᠠᠮᠠ ᠤᠷᠤᠭᠤ ᠪᠠᠨ ᠠᠪᠴᠢᠷᠠᠬᠤ ᠦᠭᠡᠢ᠃
25 ᠪᠠᠰᠤᠮᠵᠢᠯᠠᠭᠴᠢ ᠶᠢ ᠲᠠᠰᠢᠭᠤᠷᠳᠠᠬᠤ ᠳᠤ ᠭᠡᠨᠡᠨ ᠨᠢᠭᠡ ᠨᠢ ᠬᠡᠷᠰᠡᠦ ᠶᠢ ᠰᠤᠷᠤᠨ᠎ᠠ ᠤᠬᠠᠭᠠᠯᠢᠭ ᠨᠢᠭᠡᠨ ᠢ ᠵᠢᠮᠡᠯᠡᠬᠦ ᠳᠦ ᠲᠡᠷᠡ ᠮᠡᠳᠡᠯᠭᠡ ᠣᠯᠣᠨ᠎ᠠ᠃
26 ᠡᠴᠢᠭᠡ ᠪᠡᠨ ᠬᠠᠷᠭᠢᠰᠯᠠᠵᠤ ᠡᠬᠡ ᠪᠡᠨ ᠭᠠᠳᠠᠭᠤᠷᠬᠠᠭᠴᠢ ᠨᠢ ᠢᠴᠢᠭᠦᠷᠢ ᠪᠠ ᠵᠢᠭᠰᠢᠭᠦᠷᠢ ᠶᠢ ᠤᠴᠠᠷᠠᠭᠤᠯᠳᠠᠭ ᠬᠡᠦᠬᠡᠳ᠃
27 ᠬᠦᠦ ᠮᠢᠨᠢ᠂ ᠵᠢᠭᠠᠪᠤᠷᠢ ᠶᠢ ᠰᠣᠨᠣᠰᠬᠤ ᠪᠠᠨ ᠪᠣᠯᠢᠪᠠᠯ ᠮᠡᠳᠡᠯᠭᠡ ᠶᠢᠨ ᠦᠭᠡ ᠡᠴᠡ ᠲᠥᠭᠡᠷᠢᠨ᠎ᠡ᠃
28 ᠠᠳᠠᠭ ᠤᠨ ᠮᠠᠭᠤ ᠭᠡᠷᠡᠴᠢ ᠰᠢᠭᠦᠯᠲᠡ ᠶᠢ ᠪᠠᠰᠤᠮᠵᠢᠯᠠᠨ᠎ᠠ ᠪᠤᠷᠤᠭᠤᠲᠠᠨ ᠤ ᠠᠮᠠ ᠭᠡᠮ ᠢ ᠵᠠᠯᠭᠢᠨ᠎ᠠ᠃
29 ᠰᠢᠳᠬᠡᠯ ᠨᠢ ᠪᠠᠰᠤᠮᠵᠢᠯᠠᠭᠴᠢ ᠶᠢᠨ ᠳᠡᠭᠡᠷ᠎ᠡ ᠪᠡᠯᠡᠬᠡᠨ ᠲᠠᠰᠢᠭᠤᠷ ᠨᠢ ᠮᠤᠩ᠋ᠬᠠᠭ ᠤᠨ ᠨᠢᠷᠤᠭᠤᠨ ᠳᠡᠭᠡᠷ᠎ᠡ ᠪᠡᠯᠡᠬᠡᠨ᠃