ᠵᠦᠢᠷ ᠮᠡᠷᠭᠡᠨ ᠦᠭᠡᠰ ᠭᠤᠷᠪᠠ
ᠮᠡᠷᠭᠡᠨ ᠤᠬᠠᠭᠠᠨ ᠤ ᠬᠡᠰᠢᠭ
1 ᠬᠦᠦ ᠮᠢᠨᠢ᠂ ᠵᠢᠭᠠᠪᠤᠷᠢ ᠶᠢ ᠮᠢᠨᠢ ᠪᠦᠦ ᠮᠠᠷᠲᠠ᠂ ᠵᠠᠷᠯᠢᠭ ᠢ ᠮᠢᠨᠢ ᠴᠢ ᠵᠢᠷᠦᠬᠡᠨ ᠳᠡᠭᠡᠨ ᠰᠠᠬᠢ
2 ᠡᠳᠡᠭᠡᠷ ᠨᠢ ᠠᠮᠢᠳᠤᠷᠠᠯ ᠤᠨ ᠴᠢᠨᠢ ᠡᠳᠦᠷ ᠵᠢᠯ ᠢ ᠤᠷᠲᠤᠰᠬᠠᠵᠤ ᠥᠪᠡᠷ ᠲᠦ ᠴᠢᠨᠢ ᠠᠮᠤᠷ ᠠᠮᠤᠭᠤᠯᠠᠩ ᠢ ᠨᠡᠮᠡᠵᠦ ᠥᠭᠭᠥᠨ᠎ᠡ᠃
3 ᠡᠨᠡᠷᠢᠯ ᠪᠠ ᠦᠨᠡᠨ ᠴᠢᠮᠠᠶᠢ ᠪᠦᠦ ᠣᠷᠬᠢᠭ ᠡᠳᠡᠭᠡᠷ ᠢ ᠬᠦᠵᠦᠭᠦᠨ ᠳᠡᠭᠡᠨ ᠵᠠᠩᠭᠢᠳᠴᠤ᠂ ᠵᠢᠷᠦᠬᠡᠨ ᠰᠠᠮᠪᠠᠷ᠎ᠠ ᠳᠠᠭᠠᠨ ᠪᠢᠴᠢ
4 ᠲᠡᠭᠡᠪᠡᠯ ᠴᠢ ᠪᠤᠷᠬᠠᠨ ᠬᠢᠭᠡᠳ ᠬᠥᠮᠦᠨ ᠦ ᠨᠢᠳᠦᠨ ᠳᠦ ᠲᠠᠭᠠᠰᠢᠶᠠᠯ ᠬᠢᠭᠡᠳ ᠰᠠᠢᠰᠢᠶᠠᠯ ᠢ ᠬᠦᠷᠲᠡᠨ᠎ᠡ᠃
5 ᠥᠪᠴᠢ ᠵᠢᠷᠦᠬᠡ ᠪᠡᠷ ᠢᠶᠠᠨ ᠶᠣᠬᠣᠸᠠ ᠳᠤ ᠢᠲᠡᠭᠡ ᠥᠪᠡᠷ ᠦᠨ ᠢᠶᠠᠨ ᠤᠬᠠᠭᠠᠨ ᠳᠤ ᠪᠦᠦ ᠲᠦᠰᠢ᠂
6 ᠠᠯᠬᠤᠮ ᠪᠦᠷᠢ ᠳᠡᠭᠡᠨ ᠴᠢ ᠲᠡᠭᠦᠨ ᠢ ᠣᠢᠯᠠᠭ᠎ᠠ ᠲᠡᠷᠡ ᠴᠢᠨᠦ ᠵᠠᠮ ᠢ ᠰᠢᠯᠤᠭᠤᠳᠬᠠᠬᠤ ᠪᠣᠯᠣᠨ᠎ᠠ᠃
7 ᠥᠪᠡᠷ ᠢ ᠪᠠᠨ ᠪᠢᠲᠡᠭᠡᠢ ᠮᠡᠷᠭᠡᠨ ᠭᠡᠵᠦ ᠦᠵᠡ ᠬᠠᠷᠢᠨ ᠶᠣᠬᠣᠸᠠ ᠠᠴᠠ ᠡᠮᠢᠶᠡᠵᠦ᠂ ᠬᠣᠷᠣᠨ ᠮᠠᠭᠤ ᠠᠴᠠ ᠡᠷᠭᠢ
8 ᠢᠩᠭᠢᠬᠦ ᠨᠢ ᠪᠡᠶ᠎ᠡ ᠳᠦ ᠴᠢᠨᠢ ᠡᠳᠡᠭᠡᠷᠡᠯ ᠶᠠᠰᠤᠨ ᠳᠤ ᠴᠢᠨᠢ ᠰᠢᠮ᠎ᠡ᠃
9 ᠥᠪ ᠬᠥᠷᠥᠩᠭᠡ ᠬᠢᠭᠡᠳ ᠦᠢᠯᠡᠳᠬᠦᠨ ᠪᠦᠷᠢ ᠶᠢᠨ ᠢᠶᠠᠨ ᠳᠡᠭᠡᠵᠢ ᠪᠠᠷ ᠶᠣᠬᠣᠸᠠ ᠶᠢ ᠬᠦᠨᠳᠦᠯᠡ᠃
10 ᠬᠥᠮᠥᠷᠭᠡ ᠴᠢᠨᠢ ᠡᠯᠪᠡᠭ ᠳᠡᠯᠪᠡᠭ ᠪᠣᠯᠵᠤ ᠬᠥᠬᠦᠦᠷ ᠴᠢᠨᠢ ᠰᠢᠨ᠎ᠡ ᠳᠠᠷᠠᠰᠤ ᠪᠠᠷ ᠬᠠᠯᠭᠢᠨᠠ
11 ᠬᠦᠦ ᠮᠢᠨᠢ᠂ ᠶᠣᠬᠣᠸᠠ ᠶᠢᠨ ᠰᠠᠬᠢᠯᠭ᠎ᠠ ᠶᠢ ᠪᠦᠦ ᠪᠠᠰᠤᠮᠵᠢᠯᠠ ᠲᠡᠭᠦᠨ ᠦ ᠵᠢᠮᠡᠯᠡᠯ ᠢ ᠪᠦᠦ ᠵᠢᠪᠡᠭᠦᠴᠡ᠂
12 ᠡᠴᠢᠭᠡ ᠨᠢ ᠲᠠᠭᠠᠯᠠᠳᠠᠭ ᠬᠦᠦ ᠪᠡᠨ ᠵᠢᠮᠡᠯᠡᠬᠦ ᠶᠢᠨ ᠠᠳᠠᠯᠢ ᠶᠣᠬᠣᠸᠠ ᠬᠠᠢᠷᠠᠯᠠᠳᠠᠭ ᠬᠥᠮᠦᠨ ᠢᠶᠡᠨ ᠵᠢᠮᠡᠯᠡᠨ᠎ᠡ᠃
13 ᠮᠡᠷᠭᠡᠨ ᠤᠬᠠᠭᠠᠨ ᠢ ᠣᠯᠣᠭᠰᠠᠨ ᠬᠥᠮᠦᠨ ᠤᠬᠠᠭᠠᠷᠠᠯ ᠢ ᠬᠦᠷᠲᠡᠭᠰᠡᠨ ᠬᠥᠮᠦᠨ ᠵᠢᠷᠭᠠᠯ ᠲᠠᠢ᠂
14 ᠤᠴᠢᠷ ᠨᠢ ᠣᠷᠣᠯᠭ᠎ᠠ ᠨᠢ ᠮᠥᠩᠭᠥᠨ ᠦ ᠣᠷᠣᠯᠭ᠎ᠠ ᠠᠴᠠ ᠢᠯᠡᠭᠦᠦ ᠠᠰᠢᠭ ᠨᠢ ᠠᠯᠲᠠᠨ ᠠᠴᠠ ᠠᠬᠢᠭᠤ᠂
15 ᠡᠷᠳᠡᠨᠢᠰ ᠡᠴᠡ ᠴᠤ ᠦᠨ᠎ᠡ ᠲᠠᠢ ᠡᠷᠡᠮᠡᠯᠵᠡᠳᠡᠭ᠌ ᠪᠦᠬᠦᠨ ᠲᠡᠢ ᠴᠢᠨᠢ ᠵᠦᠢᠷᠯᠡᠰᠢ ᠦᠭᠡᠢ᠃
16 ᠪᠠᠷᠠᠭᠤᠨ ᠭᠠᠷ ᠲᠤᠨᠢ ᠤᠷᠲᠤ ᠨᠠᠰᠤ ᠵᠡᠭᠦᠨ ᠭᠠᠷ ᠲᠤᠨᠢ ᠬᠥᠷᠥᠩᠭᠡ ᠬᠢᠭᠡᠳ ᠬᠦᠨᠳᠦᠯᠡᠯ
17 ᠵᠠᠮ ᠨᠢ ᠲᠠᠭᠠᠯᠠᠮᠵᠢᠲᠠᠢ ᠵᠠᠮ ᠪᠦᠬᠦ ᠵᠢᠮ ᠨᠢ ᠠᠮᠤᠭᠤᠯᠠᠩ᠂
18 ᠲᠡᠷᠡ ᠥᠪᠡᠷ ᠢ ᠨᠢ ᠲᠡᠪᠡᠷᠢᠭᠰᠡᠳ ᠲᠦ ᠠᠮᠢ ᠶᠢᠨ ᠮᠣᠳᠣ ᠲᠡᠭᠦᠨ ᠡᠴᠡ ᠵᠢᠭᠤᠷᠠᠭᠰᠠᠳ ᠵᠢᠷᠭᠠᠯ ᠲᠠᠢ᠃
19 ᠮᠡᠷᠭᠡᠨ ᠤᠬᠠᠭᠠᠨ ᠢᠶᠠᠷ ᠶᠣᠬᠣᠸᠠ ᠭᠠᠵᠠᠷ ᠤᠨ ᠰᠠᠭᠤᠷᠢ ᠶᠢ ᠲᠠᠯᠪᠢᠵᠠᠢ ᠮᠡᠳᠡᠯᠭᠡ ᠣᠶᠤᠨ ᠢᠶᠠᠷ ᠢᠶᠠᠨ ᠲᠡᠷᠡ ᠲᠩᠷᠢᠰ ᠢ ᠲᠣᠭᠲᠠᠭᠠᠵᠠᠢ᠃
20 ᠮᠡᠳᠡᠯᠭᠡ ᠪᠡᠷ ᠨᠢ ᠭᠦᠨ ᠨᠦᠭᠦᠳ ᠴᠠᠪᠠᠲᠤᠵᠤ ᠡᠭᠦᠯᠡᠰ ᠰᠢᠭᠦᠳᠡᠷᠢ ᠪᠠᠭᠤᠯᠭᠠᠨ᠎ᠠ᠃
21 ᠬᠦᠦ ᠮᠢᠨᠢ᠂ ᠬᠠᠰᠢᠷ ᠪᠣᠳᠣᠯ ᠴᠠᠴᠠᠨ ᠤᠬᠠᠭᠠᠨ ᠢ ᠬᠠᠳᠠᠭᠠᠯᠠᠵᠤ ᠬᠠᠷᠠᠭᠠᠨ ᠠᠴᠠ ᠪᠠᠨ ᠲᠡᠳᠡᠨ ᠢ ᠪᠦᠦ ᠰᠠᠯᠭ᠎ᠠ᠂
22 ᠲᠡᠳᠡᠭᠡᠷ ᠨᠢ ᠬᠥᠮᠦᠨ ᠪᠡᠶ᠎ᠡ ᠳᠦ ᠴᠢᠨᠢ ᠠᠮᠢ ᠬᠦᠵᠦᠭᠦᠨ ᠳᠦ ᠴᠢᠨᠢ ᠴᠢᠮᠡᠭ ᠪᠣᠯᠣᠨ᠎ᠠ᠂
23 ᠲᠡᠭᠡᠪᠡᠯ ᠴᠢ ᠵᠠᠮ ᠢᠶᠠᠷ ᠢᠶᠠᠨ ᠠᠶᠤᠯ ᠦᠭᠡᠢ ᠠᠯᠬᠤᠵᠤ ᠴᠢᠨᠦ ᠬᠥᠯ ᠪᠦᠳᠦᠷᠢᠬᠦ ᠦᠭᠡᠢ᠂
24 ᠬᠡᠪᠲᠡᠬᠦ ᠳᠡᠭᠡᠨ ᠴᠢ ᠲᠦᠭᠰᠢᠬᠦ ᠦᠭᠡᠢ ᠬᠡᠪᠲᠡᠪᠡᠯ ᠨᠣᠢᠷ ᠴᠢᠨᠢ ᠠᠮᠲᠠᠲᠠᠢ ᠪᠣᠯᠣᠨ᠎ᠠ᠃
25 ᠭᠡᠨᠡᠳᠲᠡ ᠶᠢᠨ ᠠᠶᠤᠯ ᠪᠤᠶᠤ ᠭᠡᠮᠲᠡᠨ ᠦ ᠬᠥᠨᠥᠭᠡᠯ ᠢᠷᠡᠬᠦ ᠳᠦ ᠪᠦᠦ ᠠᠶᠤ
26 ᠶᠠᠭᠠᠬᠢᠭᠠᠳ ᠭᠡᠪᠡᠯ᠂ ᠶᠣᠬᠣᠸᠠ ᠴᠢᠨᠦ ᠲᠦᠰᠢᠭ ᠪᠣᠯᠵᠤ ᠬᠥᠯ ᠢ ᠴᠢᠨᠢ ᠤᠷᠠᠬᠠᠨ ᠳᠤ ᠣᠷᠣᠬᠤ ᠠᠴᠠ ᠬᠠᠮᠠᠭᠠᠯᠠᠨ᠎ᠠ᠃
27 ᠬᠦᠴᠦ ᠬᠦᠷᠴᠦ ᠪᠠᠢᠪᠠᠯ ᠰᠠᠢᠨ ᠰᠠᠢᠬᠠᠨ ᠢ ᠬᠦᠷᠲᠡᠪᠡᠯ ᠵᠣᠬᠢᠬᠤ ᠬᠥᠮᠦᠨ ᠳᠦᠨᠢ ᠬᠦᠷᠭᠡᠬᠦ ᠡᠴᠡ ᠪᠦᠦ ᠲᠠᠲᠠᠭᠠᠯᠵᠠ
28 ᠲᠡᠷᠡ ᠨᠢ ᠴᠢᠮ᠎ᠠ ᠳᠤ ᠪᠠᠢᠭᠰᠠᠭᠠᠷ ᠠᠲᠠᠯ᠎ᠠ 《ᠶᠠᠪᠤᠭᠠᠳ ᠢᠷ᠎ᠡ᠂ ᠮᠠᠷᠭᠠᠰᠢ ᠥᠭᠭᠥᠶ᠎ᠡ》 ᠭᠡᠵᠦ ᠬᠥᠷᠰᠢ ᠳᠡᠭᠡᠨ ᠪᠢᠲᠡᠭᠡᠢ ᠬᠡᠯᠡ᠃
29 ᠬᠠᠵᠠᠭᠤ ᠬᠥᠷᠰᠢ ᠴᠢᠨᠢ ᠠᠶᠤᠯ ᠦᠭᠡᠢ ᠠᠮᠢᠳᠤᠷᠠᠵᠤ ᠪᠠᠢᠬᠤ ᠳᠤ ᠬᠣᠷᠣᠨ ᠮᠠᠭᠤ ᠵᠦᠢᠯ ᠬᠡᠷᠬᠢᠪᠡᠴᠦ ᠪᠢᠲᠡᠭᠡᠢ ᠰᠡᠳᠦ
30 ᠬᠣᠣᠷᠯᠠᠯ ᠴᠢᠮ᠎ᠠ ᠳᠤ ᠬᠦᠷᠭᠡᠭᠡ ᠦᠭᠡᠢ ᠬᠥᠮᠦᠨ ᠲᠡᠢ ᠬᠣᠭᠣᠰᠣᠨ ᠳᠡᠮᠡᠢ ᠪᠦᠦ ᠮᠠᠷᠭᠤᠯᠳᠤ
31 ᠬᠠᠷᠭᠢᠰ ᠬᠥᠮᠦᠨ ᠲᠡᠢ ᠪᠦᠦ ᠵᠢᠲᠥᠭᠡᠷᠬᠡ ᠶᠠᠮᠠᠷ ᠴᠤ ᠶᠠᠪᠤᠳᠠᠯ ᠠᠴᠠ ᠨᠢ ᠪᠦᠦ ᠰᠣᠩ᠋ᠭᠣ᠃
32 ᠪᠠᠴᠢᠲᠤ ᠬᠥᠮᠦᠨ ᠶᠣᠬᠣᠸᠠ ᠳᠤ ᠰᠢᠪᠰᠢᠭ ᠭᠣᠣᠯᠴᠢ ᠬᠥᠮᠦᠨ ᠳᠦ ᠲᠡᠷᠡ ᠳᠣᠲᠣᠨᠣᠰᠣᠭ᠃
33 ᠪᠤᠷᠤᠭᠤᠲᠠᠨ ᠤ ᠭᠡᠷ ᠳᠡᠭᠡᠷ᠎ᠡ ᠶᠣᠬᠣᠸᠠ ᠶᠢᠨ ᠬᠠᠷᠢᠶᠠᠯ ᠵᠥᠪᠲᠡᠨ ᠦ ᠣᠷᠣᠮᠵᠢ ᠳᠡᠭᠡᠷ᠎ᠡ ᠲᠡᠭᠦᠨ ᠦ ᠢᠷᠥᠭᠡᠯ᠃
34 ᠪᠤᠷᠬᠠᠨ ᠪᠠᠰᠤᠮᠵᠢᠯᠠᠭᠴᠢ ᠶᠢ ᠪᠠᠰᠤᠮᠵᠢᠯᠠᠵᠤ ᠳᠠᠷᠤᠤ ᠬᠥᠮᠦᠨ ᠳᠦ ᠲᠠᠭᠠᠯᠠᠯ ᠢᠶᠠᠨ ᠣᠯᠭᠣᠨ᠎ᠠ᠃
35 ᠡᠷᠬᠢᠮ ᠬᠦᠨᠳᠦ ᠶᠢ ᠮᠡᠷᠭᠡᠳ ᠥᠪᠯᠡᠵᠦ ᠢᠴᠢᠭᠦᠷᠢ ᠶᠢ ᠮᠤᠩ᠋ᠬᠠᠭ ᠤᠳ ᠳᠡᠭᠡᠳᠦᠯᠡᠨ᠎ᠡ᠃