ᠵᠦᠢᠷ ᠮᠡᠷᠭᠡᠨ ᠦᠭᠡᠰ ᠬᠣᠷᠢᠨ ᠳᠥᠷᠪᠡ
1 ᠬᠠᠷ᠎ᠠ ᠰᠠᠨᠠᠭᠠᠲᠠᠨ ᠳᠤ ᠪᠦᠦ ᠠᠲᠠᠭᠠᠷᠬ᠎ᠠ ᠬᠠᠮᠲᠤ ᠪᠠᠢᠬᠤ ᠶᠢ ᠪᠢᠲᠡᠭᠡᠢ ᠬᠦᠰᠡ᠃
2 ᠵᠢᠷᠦᠬᠡ ᠨᠢ ᠬᠦᠴᠦᠷᠬᠡᠭᠯᠡᠯ ᠢ ᠰᠡᠳᠦᠨ᠎ᠡ ᠣᠷᠣᠭᠤᠯ ᠨᠢ ᠬᠣᠬᠢᠷᠠᠯ ᠢ ᠶᠠᠷᠢᠨ᠎ᠠ᠃
3 ᠣᠷᠣᠨ ᠭᠡᠷ ᠮᠡᠷᠭᠡᠨ ᠤᠬᠠᠭᠠᠨ ᠢᠶᠠᠷ ᠪᠣᠰᠴᠤ ᠪᠢᠯᠢᠭ ᠣᠶᠤᠨ ᠢᠶᠠᠷ ᠪᠡᠬᠢᠵᠢᠨ᠎ᠡ᠂
4 ᠥᠷᠥᠭᠡ ᠨᠦᠭᠦᠳ ᠨᠢ ᠮᠡᠳᠡᠯᠭᠡ ᠪᠡᠷ ᠬᠠᠮᠤᠭ ᠦᠨᠡᠲᠦ ᠲᠠᠭᠠᠯᠠᠮᠵᠢᠲᠤ ᠪᠠᠶᠠᠯᠢᠭ ᠢᠶᠠᠷ ᠳᠦᠭᠦᠷᠦᠨ᠎ᠡ᠃
5 ᠮᠡᠷᠭᠡᠨ ᠡᠷ᠎ᠡ ᠬᠦᠴᠦ ᠲᠠᠢ ᠮᠡᠳᠡᠯᠭᠡ ᠲᠠᠢ ᠠᠪᠠᠰᠤ ᠪᠦᠷ ᠴᠤ ᠬᠦᠴᠦᠲᠡᠢ᠃
6 ᠮᠡᠷᠭᠡᠨ ᠵᠥᠪᠯᠡᠮᠵᠢ ᠪᠠᠷ ᠳᠠᠢᠨ ᠬᠢᠬᠦ ᠶᠣᠰᠣᠲᠠᠢ ᠢᠯᠠᠯᠲᠠ ᠨᠢ ᠵᠥᠪᠯᠡᠭᠴᠢ ᠶᠢᠨ ᠣᠯᠠᠨ ᠢᠶᠠᠷ᠃
7 ᠮᠤᠩ᠋ᠬᠠᠭ ᠲᠤ ᠮᠡᠷᠭᠡᠨ ᠤᠬᠠᠭᠠᠨ ᠬᠡᠲᠦᠷᠬᠡᠢ ᠥᠨᠳᠥᠷ ᠲᠡᠷᠡ ᠪᠡᠷ ᠠᠬᠠᠮᠠᠳ ᠤᠨ ᠴᠤᠭᠯᠠᠷᠠᠯ ᠳᠤ 25 ᠠᠮᠠ ᠪᠠᠨ ᠦᠯᠦ ᠨᠡᠭᠡᠭᠡᠨ᠎ᠡ᠃
8 ᠬᠣᠷᠣᠨ ᠮᠠᠭᠤ ᠶᠢ ᠰᠡᠳᠦᠭᠴᠢ ᠨᠢ ᠬᠡᠷᠡᠭ ᠦᠨ ᠡᠵᠡᠨ ᠭᠡᠭᠳᠡᠨ᠎ᠡ᠃
9 ᠮᠤᠩ᠋ᠬᠠᠭ ᠤᠨ ᠰᠡᠳᠦᠯ ᠨᠢᠭᠦᠯ ᠪᠠᠰᠤᠮᠵᠢᠯᠠᠭᠴᠢ ᠨᠢ ᠬᠥᠮᠦᠨ ᠦ ᠵᠢᠭ᠍ᠰᠢᠯ᠃
10 ᠵᠣᠪᠠᠯᠠᠩᠲᠤ ᠡᠳᠦᠷ ᠴᠥᠬᠥᠷᠡᠳᠡᠭ ᠨᠢ ᠴᠢᠳᠠᠯ ᠪᠠᠭ᠎ᠠ ᠶᠢᠨ ᠬᠢ᠃
11 ᠦᠬᠦᠯ ᠤᠷᠤᠭᠤ ᠠᠪᠠᠴᠢᠭᠳᠠᠭᠰᠠᠳ ᠢ ᠠᠪᠤᠷᠠ ᠠᠯᠠᠭᠳᠠᠬᠤ ᠪᠠᠷ ᠭᠣᠢᠭᠣᠷᠠᠭᠰᠠᠳ ᠠᠴᠠ ᠪᠦᠦ ᠲᠠᠯᠲᠠᠷᠢ
12 ᠴᠢ 《ᠡᠭᠦᠨ ᠢ ᠮᠡᠳᠡᠭᠡ ᠦᠭᠡᠢ》 ᠭᠡᠰᠡᠨ ᠴᠤ ᠵᠢᠷᠦᠬᠡ ᠶᠢ ᠴᠢᠨᠢ ᠰᠢᠯᠭᠠᠭᠴᠢ ᠠᠩᠵᠠᠭᠠᠷᠠᠬᠤ ᠦᠭᠡᠢ ᠭᠡᠵᠢ ᠤᠤ︖ ᠠᠮᠢ ᠶᠢ ᠴᠢᠨᠢ ᠬᠠᠷᠠᠭᠠᠯᠵᠠᠭᠴᠢ ᠮᠡᠳᠡᠬᠦ ᠦᠭᠡᠢ ᠭᠡᠵᠢ ᠤᠤ︖ ᠬᠢᠭᠰᠡᠨ ᠦ ᠬᠢᠨᠢ ᠳᠠᠭᠠᠤ ᠲᠡᠷᠡ ᠬᠥᠮᠦᠨ ᠪᠦᠷᠢ ᠳᠤ ᠬᠠᠷᠢᠭᠤᠯᠬᠤ ᠪᠤᠰᠤ ᠤᠤ︖
13 ᠬᠦᠦ ᠮᠢᠨᠢ᠂ ᠵᠥᠭᠡᠢ ᠶᠢᠨ ᠪᠠᠯ ᠢᠳᠡ᠂ ᠴᠢᠮ᠎ᠠ ᠳᠤ ᠲᠤᠰᠠ ᠲᠠᠢ ᠶᠤᠮ᠂ ᠰᠠᠷᠬᠢᠨᠠᠭ ᠠᠴᠠ ᠣᠯᠣᠭᠰᠠᠨ ᠪᠠᠯ ᠢ ᠢᠳᠡ᠂ ᠲᠠᠩᠨᠠᠢ ᠳᠤ ᠴᠢᠨᠢ ᠲᠠᠭᠠᠲᠠᠢ ᠶᠤᠮ᠃
14 ᠮᠡᠷᠭᠡᠨ ᠤᠬᠠᠭᠠᠨ ᠥᠪᠡᠷ ᠲᠦ ᠴᠢᠨᠢ ᠶᠠᠭ ᠲᠡᠢᠮᠦ ᠭᠡᠳᠡᠭ ᠢ ᠮᠡᠳᠡᠭᠡᠷᠡᠢ ᠲᠡᠭᠦᠨ ᠢ ᠣᠯᠪᠠᠯ ᠢᠷᠡᠭᠡᠳᠦᠢ ᠪᠤᠢ᠂ ᠨᠠᠢᠳᠠᠪᠤᠷᠢ ᠴᠢᠨᠢ ᠲᠠᠰᠤᠷᠠᠬᠤ ᠦᠭᠡᠢ᠃
15 ᠪᠤᠷᠤᠭᠤᠲᠠᠨ ᠴᠢ ᠵᠥᠪᠲᠡᠨ ᠦ ᠭᠡᠷ ᠢ ᠪᠦᠦ ᠣᠳᠣ ᠣᠷᠣᠰᠢᠬᠤ ᠭᠠᠵᠠᠷ ᠤᠷᠤᠭᠤ ᠨᠢ ᠪᠦᠦ ᠳᠠᠭᠠᠷᠢ᠃
16 ᠵᠥᠪᠲᠡᠨ ᠳᠣᠯᠣᠭ᠎ᠠ ᠤᠨᠠᠪᠠᠴᠤ ᠪᠣᠰᠣᠨ᠎ᠠ ᠬᠠᠷᠢᠨ ᠪᠤᠷᠤᠭᠤᠲᠠᠨ ᠭᠠᠢ ᠳᠤ ᠪᠦᠳᠦᠷᠢᠨ᠎ᠡ᠃
17 ᠳᠠᠢᠰᠤᠨ ᠢᠶᠠᠨ ᠤᠨᠠᠬᠤ ᠳᠤ ᠪᠦᠦ ᠪᠠᠶᠠᠷᠯᠠ ᠪᠦᠳᠦᠷᠢᠬᠦ ᠳᠦᠨᠢ ᠰᠡᠳᠬᠢᠯ ᠪᠦᠦ ᠬᠥᠭᠰᠡ
18 ᠶᠣᠬᠣᠸᠠ ᠦᠵᠡᠭᠡᠳ ᠲᠠᠭ᠎ᠠ ᠦᠭᠡᠢ ᠪᠣᠯᠵᠤ ᠠᠭᠤᠷ ᠢᠶᠠᠨ ᠲᠡᠭᠦᠨ ᠦ ᠳᠡᠭᠡᠷ᠎ᠡ ᠡᠴᠡ ᠰᠢᠯᠵᠢᠭᠦᠯᠬᠦ ᠪᠤᠢ᠃
19 ᠪᠤᠵᠠᠷ ᠢ ᠦᠢᠯᠡᠳᠦᠭᠴᠢ ᠡᠴᠡ ᠪᠣᠯᠵᠤ ᠪᠦᠦ ᠤᠴᠠᠭᠠᠷᠲᠠ ᠪᠤᠷᠤᠭᠤᠲᠠᠳ ᠲᠠᠢ ᠪᠦᠦ ᠠᠲᠠᠭᠠᠷᠬ᠎ᠠ
20 ᠪᠤᠵᠠᠷ ᠢ ᠦᠢᠯᠡᠳᠦᠭᠴᠢ ᠢᠷᠡᠭᠡᠳᠦᠢ ᠦᠭᠡᠢ ᠪᠤᠷᠤᠭᠤᠲᠠᠳ ᠤᠨ ᠳ᠋ᠧᠩ ᠪᠥᠬᠥᠨᠡ᠃
21 ᠬᠦᠦ ᠮᠢᠨᠢ᠂ ᠶᠣᠬᠣᠸᠠ ᠬᠢᠭᠡᠳ ᠬᠠᠭᠠᠨ ᠠᠴᠠ ᠡᠮᠢᠶᠡᠵᠦ ᠶᠠᠪᠤ ᠤᠷᠪᠠᠭᠴᠢᠳ ᠲᠠᠢ ᠪᠦᠦ ᠨᠡᠢᠯᠡ᠂
22 ᠭᠡᠨᠡᠳᠲᠡ ᠶᠢᠨ ᠰᠦᠢᠷᠡᠯ ᠲᠡᠳᠡᠨ ᠳᠡᠭᠡᠷ᠎ᠡ ᠢᠷᠡᠨ᠎ᠡ ᠲᠡᠷᠡ ᠬᠣᠶᠠᠷ ᠤᠨ ᠤᠴᠠᠷᠠᠭᠤᠯᠬᠤ ᠰᠢᠳᠬᠡᠯ ᠢ ᠬᠡᠨ ᠮᠡᠳᠡᠬᠦ ᠪᠢᠯᠡ︖
ᠮᠡᠷᠭᠡᠳ ᠦᠨ ᠪᠤᠰᠤᠳ ᠵᠦᠢᠷ ᠦᠭᠡᠰ
23 ᠡᠳᠡᠭᠡᠷ ᠨᠢ ᠴᠤ ᠮᠡᠷᠭᠡᠳ ᠦᠨ ᠦᠭᠡᠰ ᠰᠢᠭᠦᠬᠦ ᠳᠡᠭᠡᠨ ᠲᠠᠯ᠎ᠠ ᠵᠠᠰᠠᠬᠤ ᠨᠢ ᠰᠠᠢᠨ ᠪᠢᠰᠢ
24 ᠪᠤᠷᠤᠭᠤᠲᠠᠨ ᠳᠤ 《ᠵᠥᠪ》 ᠭᠡᠭᠴᠢ ᠨᠢ ᠦᠨᠳᠦᠰᠦᠲᠡᠨ ᠨᠦᠭᠦᠳ ᠲᠦ ᠬᠠᠷᠢᠶᠠᠭᠳᠠᠭ᠂ ᠶᠠᠰᠤᠲᠠᠨ ᠨᠤᠭᠤᠳ ᠲᠤ ᠵᠢᠭ᠍ᠰᠢᠭᠳᠡᠭ᠂
25 ᠲᠡᠢᠮᠦ ᠬᠥᠮᠦᠨ ᠢ ᠵᠢᠮᠡᠯᠡᠭᠴᠢ ᠨᠢ ᠲᠠᠭᠠᠯᠠᠯ ᠢ ᠣᠯᠣᠭ᠂ ᠰᠠᠢᠨ ᠤ ᠢᠷᠥᠭᠡᠯ ᠢ ᠲᠡᠳᠡ ᠬᠦᠷᠲᠡᠭ᠃
26 ᠦᠨᠡᠨᠴᠢ ᠪᠠᠷ ᠬᠠᠷᠢᠭᠤᠯᠬᠤ ᠨᠢ ᠣᠷᠣᠭᠤᠯ ᠳᠡᠭᠡᠷ᠎ᠡ ᠨᠢ ᠦᠨᠦᠰᠬᠦ᠃
27 ᠭᠠᠳᠠᠭᠤᠷᠬᠢ ᠠᠵᠢᠯ ᠢᠶᠠᠨ ᠡᠮᠬᠢᠯᠡᠵᠦ ᠭᠠᠵᠠᠷ ᠲᠠᠯᠠᠪᠠᠢ ᠪᠠᠨ ᠲᠡᠭᠰᠢᠯᠡᠭᠰᠡᠨ ᠦ ᠳᠠᠷᠠᠭ᠎ᠠ ᠣᠷᠣᠨ ᠭᠡᠷ ᠢᠶᠡᠨ ᠪᠣᠰᠬ᠎ᠠ᠃
28 ᠦᠨᠳᠦᠰᠦ ᠦᠭᠡᠢ ᠪᠠᠷ ᠬᠥᠷᠰᠢ ᠶᠢᠨ ᠢᠶᠠᠨ ᠡᠰᠡᠷᠭᠦ ᠪᠦᠦ ᠭᠡᠷᠡᠴᠢᠯᠡ ᠣᠷᠣᠭᠤᠯ ᠢᠶᠠᠷ ᠢᠶᠠᠨ ᠬᠤᠳᠠᠯ ᠪᠦᠦ ᠶᠠᠷᠢ᠃
29 ᠴᠢ 《ᠨᠠᠳᠠ ᠳᠤ ᠬᠠᠨᠳᠤᠭᠰᠠᠨ ᠶᠣᠰᠣᠭᠠᠷ ᠨᠢ ᠪᠢ ᠬᠠᠨᠳᠤᠨ᠎ᠠ ᠬᠢᠭᠰᠡᠨ ᠶᠣᠰᠣᠭᠠᠷ ᠨᠢ ᠪᠢ ᠲᠡᠭᠦᠨ ᠳᠦ ᠬᠠᠷᠢᠭᠤᠯᠤᠨ᠎ᠠ》 ᠭᠡᠵᠦ ᠪᠦᠦ ᠬᠡᠯᠡ᠃
30 ᠠᠯᠬᠠᠭ ᠤᠨ ᠡᠳ᠋ᠯᠡᠩ ᠲᠠᠯᠠᠪᠠᠢ ᠤᠬᠠᠭᠠᠨ ᠳᠤᠲᠠᠮᠠᠭ ᠤᠨ ᠦᠵᠦᠮ ᠦᠨ ᠴᠡᠴᠡᠷᠯᠢᠭ ᠤᠨ ᠬᠠᠵᠠᠭᠤ ᠪᠠᠷ ᠪᠢ ᠥᠩᠭᠡᠷᠡᠬᠦ ᠳᠡᠭᠡᠨ
31 ᠬᠠᠮᠤᠭ ᠭᠠᠵᠠᠷ ᠢᠶᠠᠷ ᠨᠢ ᠳᠦᠭᠦᠷᠡᠩ ᠥᠷᠭᠡᠰᠦᠲᠦ ᠪᠤᠲᠠ ᠤᠷᠭᠤᠵᠤ ᠬᠥᠷᠥᠰᠥ ᠨᠢ ᠬᠠᠯᠠᠭᠠᠢ ᠳᠤ ᠳᠠᠷᠤᠭᠳᠠᠵᠤ ᠴᠢᠯᠠᠭᠤᠨ ᠬᠠᠰᠢᠶ᠎ᠠ ᠨᠢ ᠨᠤᠷᠠᠭᠰᠠᠨ ᠢ ᠬᠠᠷᠠᠵᠠᠢ᠂
32 ᠡᠭᠦᠨ ᠢ ᠪᠢ ᠦᠵᠡᠭᠡᠳ ᠰᠡᠳᠬᠢᠯ ᠳᠡᠭᠡᠨ ᠲᠣᠭᠲᠠᠭᠠᠪᠠ ᠡᠭᠦᠨ ᠢ ᠪᠢ ᠬᠠᠷᠠᠭᠠᠳ ᠰᠤᠷᠭᠠᠮᠵᠢ ᠠᠪᠤᠪᠠ᠃
33 《ᠲᠦᠷ ᠤᠨᠲᠠᠭᠠᠲᠠᠬᠠᠶᠠ ᠲᠦᠷ ᠳᠤᠭᠬᠢᠴᠢᠬᠡᠶᠡ ᠲᠦᠷ ᠭᠠᠷ ᠬᠤᠮᠬᠢᠵᠤ ᠬᠡᠪᠲᠡᠭᠡᠳᠡᠬᠡᠶᠡ》 ᠭᠡᠭᠰᠡᠭᠡᠷ ᠪᠠᠢᠲᠠᠯ᠎ᠠ ᠴᠢᠨᠢ
34 ᠶᠠᠳᠠᠭᠤᠷᠠᠯ ᠳᠡᠭᠡᠷᠡᠮᠴᠢᠨ ᠠᠳᠠᠯᠢ ᠭᠠᠴᠢᠭᠳᠠᠯ ᠴᠡᠷᠢᠭ ᠬᠥᠮᠦᠨ ᠰᠢᠭ ᠢᠷᠡᠨ᠎ᠡ᠃