1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠬᠣᠷᠢᠨ ᠵᠢᠷᠭᠤᠭ᠎ᠠ
1 ᠵᠤᠨ ᠤ ᠴᠠᠭ ᠲᠤ ᠴᠠᠰᠤ ᠬᠤᠷᠢᠶᠠᠯᠲᠠ ᠶᠢᠨ ᠴᠠᠭ ᠲᠤ ᠪᠣᠷᠣᠭᠠᠨ ᠣᠷᠣᠬᠤ ᠮᠡᠲᠦ ᠬᠦᠨᠳᠦᠯᠡᠯ ᠨᠢ ᠮᠤᠩ᠋ᠬᠠᠭ ᠲᠤ ᠵᠣᠬᠢᠮᠵᠢ ᠦᠭᠡᠢ᠃
2 ᠳᠡᠷᠪᠡᠨ ᠨᠢᠰᠬᠦ ᠪᠣᠷᠣ ᠰᠢᠪᠠᠭᠤ ᠮᠡᠲᠦ ᠦᠷᠭᠦᠨ ᠣᠳᠬᠤ ᠬᠠᠷᠢᠶᠠᠴᠠᠢ ᠮᠡᠲᠦ ᠰᠢᠯᠲᠠᠭᠠᠨ ᠦᠭᠡᠢ ᠬᠠᠷᠢᠶᠠᠯ ᠪᠡᠶᠡᠯᠡᠬᠦ ᠦᠭᠡᠢ 26
3 ᠮᠣᠷᠢᠨ ᠳᠤ ᠲᠠᠰᠢᠭᠤᠷ ᠡᠯᠵᠢᠭᠡᠨ ᠳᠦ ᠬᠠᠵᠠᠭᠠᠷ ᠮᠤᠩ᠋ᠬᠠᠭ ᠤᠨ ᠨᠢᠷᠤᠭᠤᠨ ᠳᠤ ᠰᠢᠯᠪᠢᠭᠦᠷ᠃
4 ᠮᠤᠩ᠋ᠬᠠᠭ ᠲᠤ ᠮᠤᠩ᠋ᠬᠠᠭ ᠢᠶᠠᠷ ᠪᠦᠦ ᠬᠠᠷᠢᠭᠤᠯ ᠴᠢ ᠲᠡᠭᠦᠨ ᠲᠡᠢ ᠠᠳᠠᠯᠢ ᠪᠣᠯᠬᠤ ᠬᠡᠷᠡᠭ ᠦᠭᠡᠢ᠃
5 ᠮᠤᠩ᠋ᠬᠠᠭ ᠲᠤ ᠮᠤᠩ᠋ᠬᠠᠭ ᠢᠶᠠᠷ ᠨᠢ ᠬᠠᠷᠢᠭᠤᠯ ᠲᠡᠷᠡ ᠥᠪᠡᠷ ᠢ ᠪᠠᠨ ᠮᠡᠷᠭᠡᠨ ᠭᠡᠵᠦ ᠪᠦᠦ ᠦᠵᠡᠭ᠃
6 ᠮᠤᠩ᠋ᠬᠠᠭ ᠤᠨ ᠭᠠᠷ ᠢᠶᠠᠷ ᠦᠭᠡ ᠶᠠᠪᠤᠭᠤᠯᠬᠤ ᠨᠢ ᠬᠥᠯ ᠢᠶᠡᠨ ᠳᠠᠭᠠᠷᠢᠵᠤ᠂ ᠬᠣᠣᠷ ᠠᠮᠰᠠᠬᠤ ᠲᠠᠢ ᠠᠳᠠᠯᠢ᠃
7 ᠲᠡᠨᠡᠭ ᠦᠨ ᠠᠮᠠᠨ ᠳᠠᠬᠢ ᠵᠦᠢᠷ ᠮᠡᠷᠭᠡᠨ ᠦᠭᠡᠰ ᠵᠡᠮᠳᠡᠭ ᠬᠥᠮᠦᠨ ᠦ ᠳᠣᠷᠣᠢ ᠬᠥᠯ ᠮᠡᠲᠦ᠃
8 ᠮᠤᠩ᠋ᠬᠠᠭ ᠲᠤ ᠬᠦᠨᠳᠦᠳᠬᠡᠯ ᠣᠯᠭᠣᠬᠤ ᠨᠢ ᠳᠦᠦᠭᠡᠦᠷ ᠲᠦ ᠴᠢᠯᠠᠭᠤ ᠵᠠᠩᠭᠢᠳᠬᠤ ᠲᠠᠢ ᠠᠳᠠᠯᠢ᠃
9 ᠮᠤᠩ᠋ᠬᠠᠭ ᠤᠨ ᠠᠮᠠᠨ ᠳᠠᠬᠢ ᠵᠦᠢᠷ ᠮᠡᠷᠭᠡᠨ ᠦᠭᠡ ᠨᠢ ᠰᠣᠭᠲᠣᠭᠤ ᠬᠥᠮᠦᠨ ᠦ ᠭᠠᠷ ᠳᠠᠬᠢ ᠥᠷᠭᠡᠰᠦᠲᠦ ᠮᠣᠳᠣ᠃
10 ᠮᠤᠩ᠋ᠬᠠᠭ ᠬᠢᠭᠡᠳ ᠵᠠᠮ ᠢᠶᠠᠷ ᠵᠣᠷᠴᠢᠭᠰᠠᠳ ᠢ ᠬᠥᠯᠥᠰᠥᠯᠡᠭᠴᠢ ᠨᠢ ᠪᠦᠬᠦᠨ ᠢ ᠰᠢᠷᠬᠠᠲᠤᠭᠤᠯᠬᠤ ᠵᠦᠭ ᠴᠢᠭ ᠦᠭᠡᠢ ᠬᠠᠷᠪᠤᠭᠠᠴᠢ᠃
11 ᠨᠣᠬᠠᠢ ᠪᠥᠭᠡᠯᠵᠢᠰᠦ ᠤᠷᠤᠭᠤ ᠪᠠᠨ ᠪᠤᠴᠠᠳᠠᠭ ᠰᠢᠭ᠋ ᠲᠡᠨᠡᠭ ᠬᠥᠮᠦᠨ ᠮᠤᠩ᠋ᠬᠠᠭᠯᠠᠯ ᠢᠶᠠᠨ ᠳᠠᠪᠲᠠᠭᠰᠠᠭᠠᠷ ᠪᠠᠢᠳᠠᠭ᠃
12 ᠥᠪᠡᠷ ᠢ ᠪᠠᠨ ᠮᠡᠷᠭᠡᠨ ᠭᠡᠵᠦ ᠦᠵᠡᠭᠴᠢ ᠶᠢ ᠴᠢ ᠬᠠᠷᠠᠭᠰᠠᠨ ᠤᠤ︖ ᠮᠤᠩ᠋ᠬᠠᠭ ᠨᠢ ᠲᠡᠭᠦᠨ ᠡᠴᠡ ᠢᠯᠡᠭᠦᠦ ᠨᠠᠢᠳᠠᠯᠭ᠎ᠠ ᠲᠠᠢ᠃
13 ᠵᠠᠯᠬᠠᠭᠤ ᠨᠢ 《ᠵᠠᠮ ᠳᠤ ᠠᠷᠰᠯᠠᠨ ᠪᠠᠢᠭ᠎ᠠ ᠲᠠᠯᠠᠪᠠᠢ ᠳᠤ ᠠᠷᠰᠯᠠᠨ ᠪᠠᠢᠭ᠎ᠠ》 ᠭᠡᠳᠡᠭ᠃
14 ᠬᠠᠭᠠᠯᠭ᠎ᠠ ᠨᠤᠭᠤᠰᠤᠨ ᠳᠡᠭᠡᠷ᠎ᠡ ᠪᠡᠨ ᠬᠠᠱᠠᠩ ᠵᠠᠯᠬᠠᠭᠤ ᠨᠢ ᠣᠷᠣ ᠳᠡᠭᠡᠷ᠎ᠡ ᠪᠡᠨ ᠡᠷᠭᠢᠨ᠎ᠡ᠃
15 ᠠᠯᠬᠠᠭ ᠬᠥᠮᠦᠨ ᠭᠠᠷ ᠢᠶᠠᠨ ᠲᠠᠪᠠᠭ ᠲᠠᠭᠠᠨ ᠲᠥᠷᠥᠭᠰᠡᠨ ᠴᠤ ᠠᠮᠠ ᠤᠷᠤᠭᠤ ᠪᠠᠨ ᠠᠪᠴᠢᠷᠠᠬᠤ ᠦᠭᠡᠢ᠃
16 ᠬᠠᠱᠠᠩ ᠵᠠᠯᠬᠠᠭᠤ ᠥᠪᠡᠷ ᠦᠨ ᠢᠶᠠᠨ ᠨᠢᠳᠦᠨ ᠳᠦ ᠬᠠᠰᠢᠷ ᠬᠠᠷᠢᠭᠤᠯᠤᠭᠴᠢ ᠳᠣᠯᠣᠭᠠᠨ ᠬᠥᠮᠦᠨ ᠡᠴᠡ ᠴᠤ ᠮᠡᠷᠭᠡᠨ᠃
17 ᠥᠩᠭᠡᠷᠡᠵᠦ ᠶᠠᠪᠤᠬᠤ ᠳᠠᠭᠠᠨ ᠥᠷᠥᠭᠡᠯ ᠦᠨ ᠮᠠᠷᠭᠤᠭᠠᠨ ᠳᠤᠮᠳᠠ ᠣᠷᠣᠬᠤ ᠨᠢ ᠨᠣᠬᠠᠢ ᠶᠢᠨ ᠴᠢᠬᠢᠨ ᠡᠴᠡ ᠵᠤᠯᠭᠠᠭᠠᠬᠤ ᠬᠡᠷᠡᠭ᠃
18 ᠭᠠᠯᠲᠤ ᠰᠤᠮᠤ᠂ ᠦᠬᠦᠯ ᠦᠨ ᠰᠤᠮᠤ ᠬᠠᠷᠪᠤᠳᠠᠭ ᠭᠠᠯᠵᠠᠭᠤ ᠮᠡᠲᠦ
19 ᠬᠥᠷᠰᠢ ᠪᠠᠨ ᠮᠡᠬᠡᠯᠡᠴᠢᠬᠡᠭᠡᠳ 《ᠲᠣᠭᠯᠠᠭᠰᠠᠨ ᠶᠤᠮ》 ᠭᠡᠳᠡᠭ ᠬᠥᠮᠦᠨ ᠲᠡᠢᠮᠦ᠃
20 ᠲᠦᠯᠡᠭᠡ ᠦᠭᠡᠢ ᠪᠣᠯ ᠭᠠᠯ ᠤᠨᠲᠠᠷᠠᠵᠤ ᠬᠣᠪ ᠵᠢᠪ ᠦᠭᠡᠢ ᠪᠣᠯ ᠬᠡᠷᠡᠭᠦᠯ ᠲᠠᠰᠤᠷᠠᠨ᠎ᠠ᠃
21 ᠨᠡᠭᠦᠷᠡᠰᠦᠨ ᠡᠴᠡ ᠴᠤᠭ ᠮᠣᠳᠣᠨ ᠠᠴᠠ ᠭᠠᠯ ᠬᠡᠷᠡᠭᠦᠯᠴᠢ ᠡᠴᠡ ᠮᠠᠷᠭᠤᠭᠠᠨ ᠭᠠᠷᠳᠠᠭ᠃
22 ᠬᠣᠪᠴᠢ ᠦᠭᠡ ᠠᠮᠲᠠᠲᠤ ᠰᠢᠬᠢᠷ ᠮᠡᠲᠦ ᠰᠡᠳᠬᠢᠯ ᠤᠨ ᠭᠦᠨ ᠳᠦ ᠬᠦᠷᠦᠨ᠎ᠡ᠃
23 ᠮᠠᠭᠤ ᠰᠠᠨᠠᠭᠠᠲᠠᠨ ᠤ ᠬᠠᠯᠠᠭᠤᠨ ᠣᠷᠣᠭᠤᠯ ᠮᠥᠩᠭᠥ ᠪᠡᠷ ᠪᠦᠷᠢᠭᠰᠡᠨ ᠰᠢᠪᠠᠷ ᠰᠠᠪᠠ ᠮᠡᠲᠦ᠃
24 ᠬᠣᠷᠣᠰᠣᠯ ᠲᠠᠢ ᠨᠢ ᠣᠷᠣᠭᠤᠯ ᠢᠶᠠᠷ ᠢᠶᠠᠨ ᠣᠪᠯᠠᠳᠠᠭ ᠴᠤ ᠬᠠᠮᠤᠭ ᠤᠨ ᠭᠦᠨ ᠳᠡᠭᠡᠨ ᠵᠠᠯᠢ ᠬᠠᠳᠠᠭᠠᠯᠠᠭᠰᠠᠨ ᠪᠠᠢᠳᠠᠭ᠂
25 ᠲᠡᠭᠦᠨ ᠦ ᠶᠠᠷᠢᠶ᠎ᠠ ᠡᠶᠡᠯᠰᠡᠭ ᠪᠠᠢᠭᠰᠠᠨ ᠴᠤ ᠪᠦᠦ ᠢᠲᠡᠭᠡ ᠵᠢᠷᠦᠬᠡᠨ ᠳᠦᠨᠢ ᠳᠣᠯᠣᠭᠠᠨ ᠵᠢᠭᠰᠢᠭᠦᠷᠢ ᠪᠤᠢ᠃
26 ᠬᠣᠷᠣᠰᠣᠯ ᠢᠶᠠᠨ ᠮᠡᠬᠡ ᠪᠡᠷ ᠳᠠᠯᠳᠠᠯᠠᠪᠠᠴᠤ ᠬᠣᠷᠣᠨ ᠮᠠᠭᠤ ᠨᠢ ᠨᠡᠢᠲᠡ ᠶᠢᠨ ᠳᠤᠮᠳᠠ ᠢᠯᠡᠴᠢᠯᠡᠭᠳᠡᠨ᠎ᠡ᠃
27 ᠤᠨᠠᠭᠤᠯᠢ ᠤᠬᠤᠭᠴᠢ ᠥᠪᠡᠷ ᠢᠶᠡᠨ ᠲᠡᠭᠦᠨ ᠳᠡᠭᠡᠨ ᠤᠨᠠᠨ᠎ᠠ ᠥᠩᠬᠥᠷᠢᠭᠦᠯᠦᠭᠰᠡᠨ ᠴᠢᠯᠠᠭᠤ ᠨᠢ ᠥᠪᠡᠷ ᠤᠷᠤᠭᠤ ᠨᠢ ᠢᠷᠡᠨ᠎ᠡ᠃
28 ᠬᠤᠳᠠᠯᠴᠢ ᠬᠡᠯᠡ ᠬᠣᠬᠢᠷᠠᠭᠤᠯᠤᠭᠴᠢ ᠪᠠᠨ ᠵᠢᠭ᠍ᠰᠢᠨ᠎ᠡ ᠪᠢᠯᠳᠠᠤᠴᠢ ᠠᠮᠠ ᠰᠦᠢᠷᠡᠯ ᠳᠦ ᠬᠦᠷᠭᠡᠨ᠎ᠡ᠃