ᠵᠦᠢᠷ ᠮᠡᠷᠭᠡᠨ ᠦᠭᠡᠰ ᠠᠷᠪᠠ
ᠰᠣᠯᠣᠮᠣᠨ ᠬᠠᠭᠠᠨ ᠤ ᠵᠦᠢᠷ ᠮᠡᠷᠭᠡᠨ ᠦᠭᠡᠰ
1 ᠰᠣᠯᠣᠮᠣᠨ ᠤ ᠵᠦᠢᠷ ᠮᠡᠷᠭᠡᠨ ᠦᠭᠡᠰ᠄ ᠮᠡᠷᠭᠡᠨ ᠬᠦᠦ ᠡᠴᠢᠭᠡ ᠶᠢᠨ ᠪᠠᠶᠠᠰᠤᠯ᠂ ᠮᠤᠩ᠋ᠬᠠᠭ ᠬᠦᠦ ᠡᠬᠡ ᠶᠢᠨ ᠰᠢᠨᠠᠯᠤᠯ᠃
2 ᠬᠣᠷᠣᠨ ᠮᠠᠭᠤ ᠬᠥᠷᠥᠩᠭᠡ ᠬᠦᠷᠲᠡᠭᠡᠯ ᠦᠭᠡᠢ ᠬᠠᠷᠢᠨ ᠵᠥᠪᠲᠦ ᠪᠠᠢᠳᠠᠯ ᠨᠢ ᠦᠬᠦᠯ ᠡᠴᠡ ᠴᠤ ᠬᠡᠯᠲᠦᠷᠢᠭᠦᠯᠦᠨ᠎ᠡ᠃
3 ᠵᠥᠪᠲᠡᠨ ᠢ ᠶᠣᠬᠣᠸᠠ ᠦᠯᠦ ᠥᠯᠥᠰᠭᠡᠨᠡ ᠬᠣᠷᠣᠨ ᠮᠠᠭᠤ ᠶᠢᠨ ᠰᠢᠨᠤᠯ ᠢ ᠲᠡᠷᠡ ᠦᠯᠦ ᠵᠥᠪᠰᠢᠶᠡᠷᠡᠨ᠎ᠡ᠃
4 ᠬᠣᠢᠷᠭᠣ ᠭᠠᠷ ᠶᠠᠳᠠᠭᠤ ᠪᠣᠯᠭᠠᠵᠤ ᠬᠥᠳᠡᠯᠮᠦᠷᠢᠴᠢ ᠭᠠᠷ ᠬᠥᠷᠥᠩᠭᠡ ᠣᠯᠭᠣᠨ᠎ᠠ᠃
5 ᠵᠤᠨ ᠢᠶᠠᠷ ᠬᠤᠷᠢᠶᠠᠭᠴᠢ ᠨᠢ ᠠᠪᠬᠠᠯᠵᠢᠲᠠᠢ ᠬᠦᠦ ᠬᠤᠷᠢᠶᠠᠯᠲᠠ ᠪᠠᠷ ᠳᠤᠭᠵᠢᠷᠠᠭᠴᠢ ᠨᠢ ᠢᠴᠢᠭᠦᠷᠢᠲᠡᠢ ᠬᠦᠦ᠃
6 ᠵᠥᠪᠲᠡᠨ ᠦ ᠲᠣᠯᠣᠭᠠᠢ ᠳᠡᠭᠡᠷ᠎ᠡ ᠢᠷᠥᠭᠡᠯ ᠣᠷᠣᠰᠢᠨ᠎ᠠ ᠪᠤᠷᠤᠭᠤᠲᠠᠨ ᠠᠮᠠᠨ ᠳᠠᠭᠠᠨ ᠬᠦᠴᠦᠷᠬᠡᠭᠯᠡᠯ ᠢ ᠳᠠᠯᠳᠠᠯᠠᠨ᠎ᠠ᠃
7 ᠵᠥᠪᠲᠦ ᠶᠢᠨ ᠲᠤᠬᠠᠢ ᠳᠤᠷᠠᠰᠤᠮᠵᠢ ᠨᠢ ᠢᠷᠥᠭᠡᠯ ᠬᠣᠷᠣᠨ ᠮᠠᠭᠤ ᠬᠥᠮᠦᠨ ᠦ ᠨᠡᠷ᠎ᠡ ᠢᠯᠵᠢᠷᠠᠯ᠃
8 ᠮᠡᠷᠭᠡᠨ ᠵᠢᠷᠦᠬᠡ ᠲᠠᠢ ᠨᠢ ᠵᠢᠭᠠᠪᠤᠷᠢ ᠶᠢ ᠠᠪᠤᠨ᠎ᠠ ᠮᠤᠩ᠋ᠬᠠᠭ ᠣᠷᠣᠭᠤᠯ ᠲᠠᠢ ᠨᠢ ᠵᠠᠢᠯᠠᠭᠤᠯᠤᠭᠳᠠᠨᠠ᠃
9 ᠴᠢᠭ᠍ᠴᠢ ᠠᠯᠬᠤᠭᠴᠢ ᠨᠢ ᠠᠶᠤᠯ ᠦᠭᠡᠢ ᠠᠯᠬᠤᠨ᠎ᠠ ᠵᠠᠮ ᠢᠶᠠᠨ ᠮᠤᠷᠤᠢᠯᠭᠠᠭᠴᠢ ᠨᠢ ᠢᠯᠡ ᠮᠡᠳᠡᠭᠳᠡᠨ᠎ᠡ᠃
10 ᠨᠢᠳᠦ ᠪᠡᠨ ᠢᠷᠮᠡᠭᠴᠢ ᠨᠢ ᠲᠦᠪᠡᠭ ᠤᠴᠠᠷᠠᠭᠤᠯᠵᠤ 11 ᠮᠤᠩ᠋ᠬᠠᠭ ᠣᠷᠣᠭᠤᠯ ᠲᠠᠢ ᠨᠢ ᠵᠠᠢᠯᠠᠭᠤᠯᠤᠭᠳᠠᠨᠠ᠃
11 ᠵᠥᠪᠲᠦ ᠠᠮᠠ ᠨᠢ ᠠᠮᠢ ᠶᠢᠨ ᠪᠤᠯᠠᠭ ᠪᠤᠷᠤᠭᠤᠲᠠᠨ ᠤ ᠠᠮᠠ ᠬᠦᠴᠦᠷᠬᠡᠭᠯᠡᠯ ᠢ ᠨᠢᠭᠤᠳᠠᠭ᠃
12 ᠬᠣᠷᠣᠰᠣᠯ ᠮᠠᠷᠭᠤᠭᠠᠨ ᠥᠳᠥᠭᠡᠳᠡᠭ ᠪᠣᠯ ᠬᠠᠢᠷ᠎ᠠ ᠪᠦᠬᠦ ᠭᠡᠮ ᠢ ᠬᠠᠯᠬᠠᠯᠠᠳᠠᠭ᠃
13 ᠮᠡᠳᠡᠯᠭᠡ ᠲᠠᠢ ᠬᠥᠮᠦᠨ ᠦ ᠣᠷᠣᠭᠤᠯ ᠳᠤ ᠮᠡᠷᠭᠡᠨ ᠰᠠᠨᠠᠭ᠎ᠠ ᠣᠯᠳᠠᠨ᠎ᠠ ᠤᠬᠠᠭᠠᠨ ᠳᠤᠲᠠᠮᠠᠭ ᠤᠨ ᠨᠢᠷᠤᠭᠤᠨ ᠳᠤ ᠰᠢᠯᠪᠢᠭᠦᠷ ᠪᠠᠢᠨ᠎ᠠ᠃
14 ᠮᠡᠷᠭᠡᠨ ᠬᠥᠮᠦᠨ ᠮᠡᠳᠡᠯᠭᠡ ᠬᠤᠷᠢᠶᠠᠵᠤ ᠮᠤᠩ᠋ᠬᠠᠭ ᠤᠨ ᠠᠮᠠ ᠮᠥᠬᠥᠯ ᠡᠴᠡ ᠣᠢᠷ᠎ᠠ᠃
15 ᠬᠥᠷᠥᠩᠭᠡ ᠨᠢ ᠪᠠᠶᠠᠨ ᠤ ᠪᠡᠬᠢᠯᠡᠯᠲᠡ ᠬᠣᠮᠰᠠᠳᠠᠯ ᠨᠢ ᠶᠠᠳᠠᠭᠤᠰ ᠤᠨ ᠨᠤᠷᠠᠯᠲᠠ᠃
16 ᠵᠥᠪᠲᠦ ᠶᠢᠨ ᠬᠥᠯᠥᠰᠥ ᠠᠮᠢ ᠲᠡᠰᠢ ᠪᠤᠷᠤᠭᠤᠲᠠᠨ ᠤ ᠣᠷᠣᠯᠭ᠎ᠠ ᠭᠡᠮ ᠲᠡᠰᠢ᠃
17 ᠵᠢᠭᠠᠪᠤᠷᠢ ᠰᠠᠬᠢᠭᠴᠢ ᠠᠮᠢ ᠶᠢᠨ ᠵᠢᠮ ᠢᠶᠠᠷ ᠵᠢᠮᠡᠯᠡᠯ ᠰᠥᠷᠥᠭᠴᠢ ᠪᠤᠷᠤᠭᠤ ᠵᠠᠮ ᠢᠶᠠᠷ᠃
18 ᠬᠣᠷᠣᠰᠣᠯ ᠨᠢᠭᠤᠭᠴᠢ ᠨᠢ ᠬᠤᠳᠠᠯᠴᠢ ᠣᠷᠣᠭᠤᠯ ᠲᠠᠢ ᠬᠣᠪ ᠵᠥᠭᠡᠭᠡᠭᠴᠢ ᠨᠢ ᠲᠡᠨᠡᠭ᠃
19 ᠦᠭᠡ ᠣᠯᠠᠰᠢᠷᠠᠪᠠᠰᠤ ᠠᠯᠳᠠᠭ᠎ᠠ ᠳᠤᠲᠠᠬᠤ ᠦᠭᠡᠢ ᠠᠮᠠ ᠪᠠᠨ ᠪᠠᠷᠢᠪᠠᠰᠤ ᠠᠪᠬᠠᠯᠵᠢᠲᠠᠢ᠃
20 ᠵᠥᠪᠲᠦ ᠬᠡᠯᠡ ᠰᠣᠩ᠋ᠭᠣᠳᠠᠭ ᠮᠥᠩᠭᠥ ᠪᠤᠷᠤᠭᠤᠲᠠᠨ ᠤ ᠵᠢᠷᠦᠬᠡ ᠥᠴᠦᠬᠡᠨ
21 ᠵᠥᠪᠲᠦ ᠣᠷᠣᠭᠤᠯ ᠣᠯᠠᠨ ᠢ ᠲᠡᠵᠢᠭᠡᠳᠡᠭ ᠮᠤᠩ᠋ᠬᠠᠭ ᠨᠢ ᠪᠣᠳᠣᠯ ᠦᠭᠡᠢ ᠳᠡᠭᠡᠨ ᠮᠥᠬᠥᠨ᠎ᠡ᠃
22 ᠶᠣᠬᠣᠸᠠ ᠢᠪᠡᠭᠡᠨ ᠪᠠᠶᠠᠵᠢᠭᠤᠯᠬᠤ ᠶᠤᠮ ᠪᠣᠯ ᠶᠠᠷᠰᠢᠭ ᠵᠣᠪᠠᠯᠠᠩ ᠨᠡᠮᠡᠬᠦ ᠦᠭᠡᠢ᠃
23 ᠮᠠᠭᠤ ᠶᠢ ᠦᠢᠯᠡᠳᠬᠦ ᠨᠢ ᠮᠤᠩ᠋ᠬᠠᠭ ᠤᠨ ᠴᠡᠩᠭᠡᠯ ᠮᠡᠷᠭᠡᠨ ᠤᠬᠠᠭᠠᠨ ᠨᠢ ᠤᠬᠠᠭᠠᠯᠢᠭ ᠬᠥᠮᠦᠨ ᠦ ᠬᠢ᠃
24 ᠪᠤᠷᠤᠭᠤᠲᠠᠨ ᠤ ᠠᠶᠤᠳᠠᠭ ᠶᠠᠭᠤᠮ᠎ᠠ ᠥᠪᠡᠷ ᠳᠡᠭᠡᠷ᠎ᠡ ᠨᠢ ᠪᠠᠭᠤᠨ᠎ᠠ ᠵᠥᠪᠲᠡᠳ ᠦᠨ ᠬᠦᠰᠡᠯ ᠵᠥᠪᠰᠢᠶᠡᠷᠡᠭᠳᠡᠨᠡ᠃
25 ᠪᠤᠷᠤᠭᠤᠲᠠᠨ ᠨᠢᠭᠡ ᠵᠤᠳ ᠳᠤ ᠵᠥᠪᠲᠡᠨ ᠮᠥᠩᠬᠡ ᠰᠠᠭᠤᠷᠢᠨ ᠳᠤ᠃
26 ᠬᠥᠯᠥᠰᠥᠯᠡᠭᠴᠢ ᠳᠡᠭᠡᠨ ᠬᠣᠢᠷᠭᠣ ᠬᠥᠮᠦᠨ ᠨᠢ ᠰᠢᠳᠦᠨ ᠳᠦ ᠣᠷᠣᠭᠰᠠᠨ ᠮᠢᠬ᠎ᠠ 12 ᠂ ᠨᠢᠳᠦᠨ ᠳᠦ ᠣᠷᠣᠭᠰᠠᠨ ᠬᠣᠭ 13 ᠃
27 ᠶᠣᠬᠣᠸᠠ ᠠᠴᠠ ᠡᠮᠢᠶᠡᠬᠦᠢ ᠨᠢ ᠠᠮᠢ ᠶᠢ ᠤᠷᠲᠤᠰᠬᠠᠨᠠ ᠪᠤᠷᠤᠭᠤᠲᠠᠨ ᠤ ᠵᠢᠯ ᠤᠳ ᠪᠣᠭᠣᠨᠢᠰᠤᠨ᠎ᠠ᠃
28 ᠵᠥᠪᠲᠡᠨ ᠦ ᠬᠦᠰᠡᠯ ᠪᠠᠶᠠᠷ ᠬᠥᠷ ᠪᠤᠷᠤᠭᠤᠲᠠᠨ ᠤ ᠨᠠᠢᠳᠠᠯᠭ᠎ᠠ ᠲᠠᠯᠠᠭᠠᠷ᠃
29 ᠶᠣᠬᠣᠸᠠ ᠶᠢᠨ ᠵᠠᠮ ᠪᠤᠷᠤᠭᠤ ᠦᠭᠡᠢ ᠬᠥᠮᠦᠨ ᠳᠦ ᠴᠠᠢᠵᠠ ᠮᠠᠭᠤ ᠶᠢ ᠦᠢᠯᠡᠳᠦᠭᠴᠢᠳ ᠲᠤ ᠰᠦᠢᠷᠡᠯ᠃
30 ᠵᠥᠪᠲᠡᠨ ᠡᠭᠦᠷᠢᠳᠡ ᠭᠠᠩ᠋ᠬᠤᠬᠤ ᠦᠭᠡᠢ ᠪᠤᠷᠤᠭᠤᠲᠠᠨ ᠭᠠᠵᠠᠷ ᠲᠤ ᠰᠠᠭᠤᠷᠢᠰᠢᠬᠤ ᠦᠭᠡᠢ᠃
31 ᠵᠥᠪᠲᠡᠨ ᠦ ᠠᠮᠠ ᠮᠡᠷᠭᠡᠨ ᠤᠬᠠᠭᠠᠨ ᠢ ᠭᠠᠷᠭᠠᠨ᠎ᠠ ᠵᠠᠯᠢᠲᠤ ᠬᠡᠯᠡ ᠲᠠᠰᠤᠯᠤᠭᠳᠠᠨ᠎ᠠ᠃
32 ᠵᠥᠪᠲᠦ ᠶᠢᠨ ᠣᠷᠣᠭᠤᠯ ᠲᠠᠭᠠᠯᠠᠯ ᠢ ᠪᠤᠷᠤᠭᠤᠲᠠᠨ ᠤ ᠠᠮᠠ ᠭᠠᠵᠢᠭᠤᠳᠠᠯ ᠢ ᠮᠡᠳᠡᠨ᠎ᠡ᠃