1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠲᠠᠪᠤ
 ᠵᠠᠪᠬᠠᠢᠷᠠᠯ ᠠᠴᠠ ᠵᠠᠢᠯᠠ
1 ᠬᠦᠦ ᠮᠢᠨᠢ᠂ ᠮᠡᠷᠭᠡᠨ ᠤᠬᠠᠭᠠᠨ ᠢ ᠮᠢᠨᠢ ᠠᠩ᠋ᠬᠠᠷ ᠮᠡᠳᠡᠯᠭᠡ ᠤᠬᠠᠭᠠᠨ ᠳᠤ ᠮᠢᠨᠢ ᠴᠢᠬᠢ ᠪᠠᠨ ᠴᠢᠭᠯᠡᠭᠦᠯ᠃
2 ᠢᠩᠭᠢᠪᠡᠰᠦ ᠴᠢ ᠬᠡᠷᠰᠡᠦ ᠤᠬᠠᠭᠠᠨ ᠢ ᠨᠥᠭᠡᠴᠡᠯᠡᠨ᠎ᠡ ᠮᠡᠳᠡᠯᠭᠡ ᠶᠢ ᠣᠷᠣᠭᠤᠯ ᠳᠠᠭᠠᠨ ᠪᠠᠢᠯᠭᠠᠨ᠎ᠠ᠂
3 ᠤᠴᠢᠷ ᠨᠢ ᠰᠠᠳᠤᠷ ᠡᠮ᠎ᠡ ᠶᠢᠨ ᠣᠷᠣᠭᠤᠯ ᠪᠠᠯ ᠳᠤᠰᠤᠯᠠᠮ᠎ᠠ ᠠᠮᠠ ᠨᠢ ᠲᠣᠰᠣ ᠮᠡᠲᠦ ᠭᠤᠯᠭᠤᠮ᠎ᠠ ᠴᠤ
4 ᠬᠣᠵᠢᠮ ᠢ ᠨᠢ ᠬᠡᠯᠡᠪᠡᠯ ᠬᠣᠭ ᠤᠨ ᠰᠢᠷᠠᠯᠵᠢ ᠰᠢᠭ᠋ ᠭᠠᠰᠢᠭᠤᠨ ᠬᠣᠶᠠᠷ ᠲᠠᠯ᠎ᠠ ᠳᠠᠭᠠᠨ ᠢᠷ ᠲᠠᠢ ᠢᠯᠳᠦ ᠠᠳᠠᠯᠢ ᠬᠤᠷᠴᠠ᠃
5 ᠬᠥᠯ ᠨᠢ ᠦᠬᠦᠯ ᠲᠡᠰᠢ ᠤᠷᠤᠭᠤᠳᠠᠭᠰᠠᠭᠠᠷ ᠠᠯᠬᠤᠭ᠎ᠠ ᠨᠢ ᠦᠬᠦᠯ ᠦᠨ ᠣᠷᠣᠨ ᠲᠡᠰᠢ ᠴᠢᠭᠯᠡᠭᠰᠡᠭᠡᠷ
6 ᠲᠡᠷᠡ ᠠᠮᠢ ᠶᠢᠨ ᠵᠢᠮ ᠳᠤ ᠰᠢᠭᠤᠳᠬᠤ ᠦᠭᠡᠢ ᠵᠠᠮ ᠨᠢ ᠪᠠᠷᠲᠠᠭ᠎ᠠ ᠲᠠᠢ ᠶᠢ ᠡᠰᠡ ᠮᠡᠳᠡᠨ᠎ᠡ᠃

7 ᠡᠳᠦᠭᠡ ᠬᠡᠦᠬᠡᠳ ᠤᠳ ᠮᠢᠨᠢ᠂ ᠮᠢᠨᠦᠬᠢ ᠶᠢ ᠰᠣᠨᠣᠰ ᠠᠮᠠᠨ ᠤ ᠮᠢᠨᠢ ᠦᠭᠡᠨ ᠡᠴᠡ ᠪᠦᠦ ᠡᠷᠭᠢ
8 ᠵᠠᠮ ᠴᠢᠨᠢ ᠲᠡᠷᠡ ᠡᠮ᠎ᠡ ᠡᠴᠡ ᠬᠣᠯᠠ ᠪᠠᠢᠭ ᠭᠡᠷ ᠦᠨ ᠬᠢᠨᠢ ᠡᠭᠦᠳᠡᠨ ᠳᠦ ᠴᠤ ᠪᠦᠦ ᠣᠢᠷ᠎ᠠ ᠪᠠᠢᠭ
9 ᠲᠡᠭᠡᠬᠦ ᠦᠭᠡᠢ ᠪᠣᠯ ᠡᠷᠴᠢ ᠬᠦᠴᠦ ᠪᠡᠨ ᠪᠤᠰᠤᠳ ᠲᠤ ᠣᠨ ᠵᠢᠯ ᠤᠳ ᠢᠶᠠᠨ ᠪᠠᠯᠠᠮᠠᠳ ᠨᠢᠭᠡᠨ ᠳᠦ ᠲᠤᠰᠢᠶᠠᠨ᠎ᠠ᠂
10 ᠬᠥᠷᠥᠩᠭᠡ ᠪᠡᠷ ᠴᠢᠨᠢ ᠬᠥᠨᠳᠡᠯᠡᠨ ᠦ ᠬᠢᠨᠢ ᠴᠠᠳᠬᠤ ᠪᠤᠢ ᠬᠥᠳᠡᠯᠮᠦᠷᠢ ᠶᠢᠨ ᠴᠢᠨᠢ ᠦᠷ᠎ᠡ ᠥᠷᠥᠭᠡᠯ ᠦᠨ ᠭᠡᠷ ᠲᠦ ᠪᠠᠢᠬᠤ ᠪᠤᠢ
11 ᠡᠨᠡ ᠮᠢᠬᠠᠨ ᠪᠡᠶ᠎ᠡ ᠴᠢᠨᠢ ᠳᠣᠷᠣᠢᠲᠠᠬᠤ ᠳᠤ ᠡᠴᠦᠰ ᠲᠤᠨᠢ ᠴᠢ ᠭᠠᠰᠠᠯᠵᠤ᠄
12 《ᠵᠢᠭᠠᠪᠤᠷᠢ ᠶᠢ ᠪᠢ ᠶᠠᠭᠠᠬᠢᠭᠰᠠᠨ ᠶᠡᠬᠡ ᠦᠵᠡᠨ ᠶᠠᠳᠠᠳᠠᠭ ᠪᠠᠢᠪᠠ ᠳᠠ ᠵᠢᠮᠡᠯᠡᠯ ᠢ ᠶᠠᠭᠤᠨ ᠳᠤ ᠰᠡᠳᠬᠢᠯ ᠮᠢᠨᠢ ᠣᠭᠣᠷᠪᠠ ᠳᠠ
13 ᠪᠠᠭᠰᠢ ᠨᠠᠷ ᠤᠨ ᠢᠶᠠᠨ ᠳᠠᠭᠤ ᠶᠢ ᠦᠯᠦ ᠰᠣᠨᠣᠰᠴᠤ ᠪᠠᠰᠠ ᠰᠤᠷᠭᠠᠭᠴᠢ ᠤᠷᠤᠭᠤ ᠪᠠᠨ ᠴᠢᠬᠢ ᠦᠯᠦ ᠲᠠᠯᠪᠢᠵᠤ
14 ᠪᠤᠯᠲᠤ ᠣᠯᠠᠨ ᠬᠢᠭᠡᠳ ᠴᠢᠭᠤᠯᠭᠠᠨ ᠳᠤᠮᠳᠠ ᠪᠢ ᠣᠳᠣ ᠪᠤᠯᠠᠢ ᠮᠠᠭᠤ ᠶᠢᠨ ᠢᠷᠮᠡᠭ ᠲᠦ ᠢᠷᠡᠯ᠎ᠡ ᠳᠠ》 ᠭᠡᠬᠦ ᠪᠤᠢ᠃

15 ᠬᠠᠷᠢᠨ ᠴᠢ ᠥᠪᠡᠷ ᠦᠨ ᠢᠶᠠᠨ ᠬᠤᠳᠳᠤᠭ ᠠᠴᠠ ᠤᠰᠤ ᠶᠢ ᠥᠪᠡᠷ ᠦᠨ ᠢᠶᠠᠨ ᠪᠤᠯᠠᠭ ᠠᠴᠠ ᠤᠨᠳᠤᠷᠤᠭ᠎ᠠ ᠶᠢ ᠤᠤᠭᠤ᠂
16 ᠤᠨᠳᠤᠷᠭ᠎ᠠ ᠴᠢᠨᠢ ᠭᠠᠳᠠᠭᠰᠢ ᠪᠠᠨ ᠤᠰᠤᠨ ᠤ ᠤᠷᠤᠰᠬᠠᠯ ᠴᠢᠨᠢ ᠭᠤᠳᠤᠮᠵᠢ ᠪᠠᠷ ᠠᠰᠬᠠᠷᠠᠬᠤ ᠶᠣᠰᠣᠲᠠᠢ ᠤᠤ︖
17 ᠡᠳᠡ ᠴᠢᠨᠢ ᠭᠠᠭᠴᠠᠬᠠᠨ ᠴᠢᠨᠦᠬᠢ ᠪᠠᠢᠭ ᠥᠭᠡᠷ᠎ᠡ ᠪᠤᠰᠤᠳ ᠲᠠᠢ ᠪᠦᠦ ᠬᠤᠪᠢᠶᠠ᠂
18 ᠡᠨᠡ ᠯᠠ ᠪᠤᠯᠠᠭ ᠤᠨ ᠴᠢᠨᠢ ᠤᠨᠳᠤᠷᠤᠭ᠎ᠠ ᠢᠷᠥᠭᠡᠭᠳᠡᠬᠦ ᠪᠣᠯᠲᠤᠭᠠᠢ ᠢᠳᠡᠷ ᠴᠠᠭ ᠤᠨ ᠬᠠᠨᠢ ᠲᠠᠢ ᠪᠠᠨ ᠡᠰᠡᠨ ᠵᠢᠷᠭᠠᠲᠤᠭᠠᠢ
19 ᠡᠩᠬᠦᠷᠡᠢᠬᠡᠨ ᠰᠣᠭᠣ᠂ ᠭᠤᠸ᠎ᠠ ᠮᠠᠷᠠᠯ ᠡᠬᠡᠨᠡᠷ ᠦᠨ ᠴᠢᠨᠢ ᠬᠥᠬᠥ ᠦᠷᠭᠦᠯᠵᠢ ᠴᠢᠮᠠᠶᠢ ᠬᠠᠩ᠋ᠭᠠᠯᠤᠭᠤᠨ ᠪᠠᠢᠯᠭᠠᠲᠤᠭᠠᠢ᠂ ᠡᠭᠡᠨᠡᠭᠲᠡ ᠬᠠᠢᠷᠠᠨ ᠳᠤᠨᠢ ᠡᠨᠡᠭᠰᠢᠨ ᠵᠢᠷᠭᠠᠲᠤᠭᠠᠢ᠃
20 ᠬᠦᠦ ᠮᠢᠨᠢ᠂ ᠴᠢ ᠰᠠᠳᠤᠷ ᠡᠮ᠎ᠡ ᠲᠠᠢ ᠡᠨᠡᠭᠰᠢᠵᠦ᠂ ᠬᠥᠨᠳᠡᠯᠡᠨ ᠦ ᠬᠡᠩᠬᠦᠳᠡᠭ ᠢ ᠲᠡᠪᠡᠷᠢᠬᠦ ᠶᠣᠰᠣᠲᠠᠢ ᠭᠡᠵᠢ ᠤᠤ︖
21 ᠬᠥᠮᠦᠨ ᠦ ᠵᠠᠮ ᠶᠣᠬᠣᠸᠠ ᠶᠢᠨ ᠮᠡᠯᠮᠡᠢ ᠶᠢᠨ ᠡᠮᠦᠨ᠎ᠡ ᠵᠢᠮ ᠪᠦᠷᠢ ᠶᠢ ᠨᠢ ᠲᠡᠷᠡ ᠠᠵᠢᠵᠤ ᠪᠠᠢᠨ᠎ᠠ
22 ᠪᠤᠷᠤᠭᠤᠲᠠᠳ ᠪᠤᠵᠠᠷ ᠮᠠᠭᠤ ᠳᠠᠭᠠᠨ ᠪᠠᠷᠢᠭᠳᠠᠵᠤ ᠭᠡᠮ ᠦᠨ ᠢᠶᠠᠨ ᠭᠢᠨᠵᠢᠨ ᠳᠤ ᠬᠦᠯᠢᠶᠡᠰᠦᠯᠡᠭᠳᠡᠨ᠎ᠡ᠃
23 ᠵᠢᠭᠠᠪᠤᠷᠢ ᠦᠭᠡᠢ ᠡᠴᠡ ᠲᠡᠷᠡ ᠦᠬᠦᠨ᠎ᠡ ᠦᠯᠡᠮᠵᠢ ᠮᠤᠩ᠋ᠬᠠᠭ ᠲᠠᠭᠠᠨ ᠲᠥᠭᠡᠷᠢᠨ᠎ᠡ᠃