ᠵᠦᠢᠷ ᠮᠡᠷᠭᠡᠨ ᠦᠭᠡᠰ ᠬᠣᠷᠢᠨ ᠬᠣᠶᠠᠷ
1 ᠠᠷᠪᠢᠨ ᠪᠠᠶᠠᠯᠢᠭ ᠠᠴᠠ ᠢᠯᠡᠭᠦᠦ ᠪᠡᠷ ᠠᠯᠳᠠᠷ ᠢ ᠰᠣᠩ᠋ᠭᠣ ᠠᠯᠲᠠ ᠮᠥᠩᠭᠥᠨ ᠡᠴᠡ ᠲᠠᠭᠠᠯᠠᠯ ᠨᠢ ᠰᠠᠢᠨ᠃
2 ᠶᠠᠳᠠᠭᠤ ᠪᠠᠶᠠᠨ ᠬᠣᠶᠠᠷ ᠤᠨ ᠨᠡᠢᠲᠡᠯᠢᠭ ᠲᠠᠯ᠎ᠠ ᠭᠡᠪᠡᠯ ᠬᠣᠶᠠᠭᠤᠯᠠ ᠶᠢ ᠨᠢ ᠶᠣᠬᠣᠸᠠ ᠪᠦᠲᠦᠭᠡᠭᠰᠡᠨ᠃
3 ᠠᠶᠤᠯ ᠢ ᠬᠠᠷᠠᠭᠠᠳ ᠬᠡᠷᠰᠡᠦ ᠨᠢ ᠳᠠᠯᠳᠠᠯᠠᠳᠠᠭ ᠪᠣᠯ ᠭᠡᠨᠡᠨ ᠨᠢ ᠣᠴᠢᠭᠠᠳ ᠬᠣᠣᠷᠯᠠᠭᠳᠠᠨᠠ᠃
4 ᠡᠭᠡᠯ ᠳᠠᠷᠤᠤ ᠬᠢᠭᠡᠳ ᠶᠣᠬᠣᠸᠠ ᠠᠴᠠ ᠡᠮᠢᠶᠡᠬᠦᠢ ᠨᠢ ᠡᠳ᠋ ᠪᠠᠶᠠᠯᠢᠭ᠂ ᠠᠯᠳᠠᠷ ᠬᠢᠭᠡᠳ ᠠᠮᠢ ᠶᠢ ᠣᠯᠭᠣᠬᠤ᠃
5 ᠬᠦᠵᠢᠭᠦᠳ ᠦᠨ ᠵᠠᠮ ᠳᠤ ᠥᠷᠭᠡᠰᠦ ᠲᠣᠣᠷ ᠠᠮᠢ ᠪᠠᠨ ᠬᠠᠷᠠᠭᠤᠯᠳᠠᠭᠴᠢ ᠲᠡᠳᠡᠭᠡᠷ ᠡᠴᠡ ᠬᠣᠯᠠᠭᠤᠷ᠃
6 ᠵᠠᠮ ᠤᠨ ᠬᠢᠨᠢ ᠡᠬᠢᠨ ᠡᠴᠡ ᠦᠷ᠎ᠡ ᠬᠡᠦᠬᠡᠳ ᠢᠶᠡᠨ ᠳᠠᠰᠬᠠᠯᠵᠢᠭᠤᠯ ᠥᠲᠡᠯᠦᠭᠰᠡᠨ ᠴᠤ ᠲᠡᠷᠡ ᠬᠠᠵᠠᠢᠬᠤ ᠦᠭᠡᠢ᠃
7 ᠪᠠᠶᠠᠨ ᠨᠢ ᠦᠭᠡᠭᠦᠴᠦᠳ ᠦᠨ ᠵᠠᠬᠢᠷᠤᠭᠴᠢ ᠥᠷᠢᠲᠡᠨ ᠨᠢ ᠵᠢᠭᠡᠯᠡᠭᠦᠯᠦᠭᠴᠢ ᠶᠢᠨ ᠢᠶᠠᠨ ᠵᠠᠷᠤᠴᠠ᠃
8 ᠭᠡᠮ ᠢ ᠲᠠᠷᠢᠭᠴᠢ ᠭᠠᠢ ᠶᠢ ᠬᠤᠷᠢᠶᠠᠨ᠎ᠠ ᠬᠢᠯᠢᠩ ᠤᠨ ᠬᠢᠨᠢ ᠰᠢᠯᠪᠢᠭᠦᠷ ᠬᠤᠭᠤᠷᠠᠨ᠎ᠠ᠃
9 ᠦᠭᠡᠭᠦᠦ ᠳᠦ ᠬᠦᠨᠡᠰᠦ ᠪᠡᠨ ᠥᠭᠳᠡᠭ ᠥᠭᠭᠢᠶᠡᠮᠦᠷ ᠬᠥᠮᠦᠨ ᠪᠤᠶᠠᠨ ᠲᠠᠢ᠃
10 ᠪᠠᠰᠤᠮᠵᠢᠯᠠᠭᠴᠢ ᠶᠢ ᠬᠥᠭᠡᠭᠡᠪᠡᠯ ᠮᠠᠷᠭᠤᠭᠠᠨ ᠵᠠᠢᠯᠠᠵᠤ ᠬᠡᠷᠡᠭᠦᠯ ᠪᠠ ᠭᠦᠳᠬᠡᠯ ᠴᠤ ᠵᠣᠭᠰᠣᠨ᠎ᠠ᠃
11 ᠠᠷᠢᠭᠤᠨ ᠰᠡᠳᠬᠢᠯ ᠲᠠᠢ᠂ ᠠᠶᠠᠲᠠᠢ ᠶᠠᠷᠢᠶ᠎ᠠ ᠲᠠᠢ ᠨᠢᠭᠡᠨ ᠳᠦ ᠬᠠᠭᠠᠨ ᠬᠥᠮᠦᠨ ᠴᠤ ᠠᠨᠳᠠ ᠨᠥᠬᠥᠷ᠃
12 ᠶᠣᠬᠣᠸᠠ ᠶᠢᠨ ᠮᠡᠯᠮᠡᠢ ᠮᠡᠳᠡᠯᠭᠡ ᠶᠢ ᠬᠠᠮᠠᠭᠠᠯᠠᠵᠤ ᠢᠲᠡᠭᠡᠮᠵᠢ ᠦᠭᠡᠢ ᠬᠥᠮᠦᠨ ᠦ ᠦᠭᠡ ᠶᠢ ᠨᠤᠷᠠᠭᠠᠨ᠎ᠠ᠃
13 《ᠴᠠᠭᠠᠨ᠎ᠠ ᠴᠢᠨᠢ ᠠᠷᠰᠯᠠᠨ ᠪᠠᠢᠨ᠎ᠠ ᠵᠠᠮ ᠳᠡᠭᠡᠷ᠎ᠡ ᠠᠯᠠᠭᠤᠯᠬᠤ ᠨᠢ》 ᠵᠠᠯᠬᠠᠭᠤ ᠶᠢᠨ ᠶᠠᠷᠢᠳᠠᠭ ᠨᠢ ᠡᠨᠡ᠃
14 ᠶᠠᠩ᠋ᠬᠠᠨ ᠤ ᠠᠮᠠ ᠭᠦᠨ ᠨᠦᠬᠡ ᠶᠣᠬᠣᠸᠠ ᠳᠤ ᠵᠢᠭ᠍ᠰᠢᠭᠳᠡᠭᠴᠢ ᠲᠡᠨᠳᠡ ᠤᠨᠠᠨ᠎ᠠ᠃
15 ᠬᠡᠦᠬᠡᠳ ᠦᠨ ᠵᠢᠷᠦᠬᠡᠨ ᠳᠠᠬᠢ ᠮᠤᠩ᠋ᠬᠠᠭᠯᠠᠯ ᠤᠨ ᠬᠦᠯᠢᠶᠡᠰᠦ ᠶᠢ ᠭᠡᠰᠬᠡᠯᠲᠡ ᠶᠢᠨ ᠰᠠᠪᠠᠭ᠎ᠠ ᠬᠣᠯᠠᠳᠠᠭᠤᠯᠤᠨᠠ᠃
16 ᠪᠠᠶᠠᠵᠢᠬᠤ ᠭᠡᠵᠦ ᠶᠠᠳᠠᠭᠤᠰ ᠢ ᠳᠠᠷᠤᠯᠠᠭᠴᠢ ᠪᠠᠶᠠᠨ ᠳᠤ ᠥᠭᠭᠥᠭᠴᠢ ᠯᠠᠪᠲᠠᠢ ᠶᠠᠳᠠᠭᠤᠷᠠᠨ᠎ᠠ᠃
17 ᠮᠡᠷᠭᠡᠳ ᠦᠨ ᠦᠭᠡ ᠶᠢ ᠴᠢᠬᠢ ᠲᠠᠯᠪᠢᠨ ᠰᠣᠨᠣᠰ ᠮᠡᠳᠡᠯᠭᠡ ᠳᠦ ᠮᠢᠨᠢ ᠰᠡᠳᠬᠢᠯ ᠲᠠᠯᠪᠢ
18 ᠴᠢ ᠡᠳᠡᠭᠡᠷ ᠢ ᠴᠡᠭᠡᠵᠢᠨ ᠳᠡᠭᠡᠨ ᠬᠠᠳᠠᠭᠠᠯᠠᠵᠤ ᠣᠷᠣᠭᠤᠯ ᠳᠠᠭᠠᠨ ᠲᠣᠭᠲᠠᠭᠠᠪᠠᠯ ᠲᠠᠭᠠᠲᠠᠢ᠂
19 ᠢᠲᠡᠭᠡᠯ ᠢ ᠴᠢᠨᠢ ᠶᠣᠬᠣᠸᠠ ᠳᠤ ᠪᠠᠢᠯᠭᠠᠬᠤ ᠶᠢᠨ ᠲᠤᠯᠠᠳᠠ ᠡᠳᠡᠭᠡᠷ ᠢ ᠪᠢ ᠴᠢᠮ᠎ᠠ ᠳᠤ ᠥᠨᠥᠳᠥᠷ ᠮᠡᠳᠡᠭᠦᠯᠪᠡ᠃
20 ᠮᠡᠷᠭᠡᠨ ᠵᠥᠪᠯᠡᠯᠭᠡ ᠬᠢᠭᠡᠳ ᠮᠡᠳᠡᠯᠭᠡ ᠤᠬᠠᠭᠠᠨ ᠤ ᠦᠭᠡᠰ ᠡᠴᠡ ᠪᠢ ᠴᠢᠮ᠎ᠠ ᠳᠤ ᠭᠤᠴᠢ 24 ᠶᠢ ᠪᠢᠴᠢᠵᠦ ᠥᠭᠭᠥᠭᠰᠡᠨ ᠨᠢ
21 ᠶᠠᠭᠤ ᠨᠢ ᠵᠥᠪ ᠦᠨᠡᠨ ᠭᠡᠳᠡᠭ ᠢ ᠴᠢᠮ᠎ᠠ ᠳᠤ ᠮᠡᠳᠡᠭᠦᠯᠵᠦ ᠥᠪᠡᠷ ᠢ ᠴᠢᠨᠢ ᠢᠯᠡᠭᠡᠭᠴᠢ ᠳᠤ ᠵᠥᠪ ᠬᠠᠷᠢᠭᠤ ᠶᠢ ᠥᠭᠭᠥᠭᠦᠯᠬᠦ ᠶᠢᠨ ᠲᠤᠯᠠᠳᠠ ᠪᠤᠰᠤ ᠤᠤ︖
22 ᠶᠠᠳᠠᠭᠤ ᠶᠢ ᠶᠠᠳᠠᠭᠤ ᠭᠡᠵᠦ ᠪᠦᠦ ᠮᠥᠯᠵᠢ ᠦᠭᠡᠭᠦᠴᠦᠳ ᠢ ᠰᠢᠭᠦᠯᠲᠡ ᠳᠡᠭᠡᠷ᠎ᠡ ᠪᠦᠦ ᠳᠠᠷᠤᠯ᠎ᠠ
23 ᠶᠣᠬᠣᠸᠠ ᠥᠪᠡᠷ ᠢᠶᠡᠨ ᠲᠡᠳᠡᠨ ᠢ ᠥᠮᠥᠭᠯᠡᠵᠦ ᠡᠳᠡᠨ ᠢ ᠴᠥᠯᠮᠥᠭᠴᠢ ᠶᠢ ᠴᠥᠯᠮᠥᠨᠡ᠃
24 ᠠᠭᠤᠷ ᠤᠨ ᠲᠤᠯᠤᠮ ᠲᠠᠢ ᠪᠦᠦ ᠨᠥᠬᠥᠷᠯᠡ ᠤᠯᠠᠭᠠᠨ ᠭᠠᠯᠵᠠᠭᠤ ᠲᠠᠢ ᠪᠦᠦ ᠨᠥᠬᠥᠴᠡᠯᠳᠦ
25 ᠡᠰᠡ ᠲᠡᠭᠡᠪᠡᠰᠦ ᠴᠢ ᠲᠡᠳᠡᠨ ᠦ ᠵᠠᠮ ᠢ ᠰᠤᠷᠤᠨ᠎ᠠ ᠠᠮᠢ ᠪᠠᠨ ᠵᠠᠩ᠋ᠭᠤᠨ ᠳᠤ ᠣᠷᠣᠭᠤᠯᠤᠨ᠎ᠠ᠃
26 ᠬᠥᠮᠦᠨ ᠦ ᠥᠷᠢ ᠶᠢ ᠳᠠᠭᠠᠭᠠᠬᠤ ᠪᠠᠷ ᠭᠠᠷ ᠪᠠᠷᠢᠭᠴᠢ ᠬᠥᠮᠦᠨ ᠪᠦᠦ ᠪᠣᠯ
27 ᠲᠥᠯᠥᠬᠦ ᠶᠠᠭᠤᠮ᠎ᠠ ᠦᠭᠡᠢ ᠪᠣᠯᠣᠭᠠᠳ ᠣᠷᠣ ᠪᠠᠨ ᠴᠤ ᠪᠤᠯᠢᠶᠠᠯᠭᠠᠬᠤ ᠪᠤᠢ᠃
28 ᠡᠪᠦᠭᠡᠳ ᠦᠨ ᠢᠶᠠᠨ ᠲᠠᠯᠪᠢᠭᠰᠠᠨ ᠡᠷᠲᠡᠨ ᠦ ᠬᠢᠯᠢ ᠶᠢᠨ ᠲᠡᠮᠳᠡᠭ ᠢ ᠪᠦᠦ ᠰᠢᠯᠵᠢᠭᠦᠯ᠃
29 ᠠᠵᠢᠯ ᠳᠠᠭᠠᠨ ᠴᠢᠳᠠᠮᠠᠭᠠᠢ ᠬᠥᠮᠦᠨ ᠢ ᠴᠢ ᠠᠵᠢᠭᠯᠠᠪᠠ ᠤᠤ︖ ᠬᠠᠭᠠᠳ ᠤᠨ ᠡᠮᠦᠨ᠎ᠡ ᠲᠡᠷᠡ ᠦᠢᠯᠡᠴᠢᠯᠡᠨ᠎ᠡ ᠬᠠᠷᠠᠴᠤ ᠶᠢᠨ ᠡᠮᠦᠨ᠎ᠡ ᠦᠢᠯᠡᠴᠢᠯᠡᠬᠦ ᠦᠭᠡᠢ᠃