1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠠᠷᠪᠠᠨ ᠬᠣᠶᠠᠷ
1 ᠵᠢᠭᠠᠪᠤᠷᠢ ᠶᠢ ᠬᠠᠢᠷᠠᠯᠠᠭᠴᠢ ᠮᠡᠳᠡᠯᠭᠡ ᠶᠢ ᠬᠠᠢᠷᠠᠯᠠᠭᠴᠢ ᠵᠢᠮᠡᠯᠡᠯ ᠢ ᠵᠠᠨᠤᠭᠴᠢ ᠪᠦᠳᠦᠭᠦᠯᠢᠭ᠃
2 ᠰᠠᠢᠨ ᠬᠥᠮᠦᠨ ᠶᠣᠬᠣᠸᠠ ᠶᠢᠨ ᠲᠠᠭᠠᠰᠢᠶᠠᠯ ᠢ ᠣᠯᠵᠤ ᠵᠠᠯᠢᠲᠤ ᠬᠥᠮᠦᠨ ᠢ ᠲᠡᠷᠡ ᠶᠠᠯᠠᠯᠠᠨ᠎ᠠ᠃
3 ᠬᠣᠷᠣᠨ ᠮᠠᠭᠤ ᠪᠠᠷ ᠬᠥᠮᠦᠨ ᠪᠠᠲᠤᠵᠢᠬᠤ ᠦᠭᠡᠢ ᠵᠥᠪᠲᠦ ᠶᠢᠨ ᠦᠨᠳᠦᠰᠦ ᠬᠡᠷᠬᠢᠪᠡᠴᠦ ᠬᠥᠳᠡᠯᠬᠦ ᠦᠭᠡᠢ᠃
4 ᠴᠢᠳᠠᠮᠠᠭᠠᠢ ᠭᠡᠷᠭᠡᠢ ᠡᠷ᠎ᠡ ᠶᠢᠨ ᠢᠶᠠᠨ ᠲᠢᠲᠢᠮ ᠭᠤᠲᠤᠭᠠᠭᠴᠢ ᠨᠢ ᠨᠥᠬᠥᠷ ᠦᠨ ᠢᠶᠠᠨ ᠶᠠᠰᠤᠨ ᠳᠠᠬᠢ ᠢᠯᠵᠢᠷᠡᠯ᠃
5 ᠵᠥᠪᠲᠦ ᠶᠢᠨ ᠰᠠᠨᠠᠭ᠎ᠠ ᠵᠦᠢᠲᠡᠢ ᠪᠤᠷᠤᠭᠤᠲᠠᠨ ᠤ ᠰᠠᠨᠠᠯ ᠵᠠᠯᠢ ᠲᠠᠢ᠃
6 ᠪᠤᠷᠤᠭᠤᠲᠠᠨ ᠤ ᠦᠭᠡ ᠴᠢᠰᠤ ᠣᠳᠣᠨ᠎ᠠ ᠴᠢᠭ᠍ᠴᠢ ᠨᠢᠭᠡᠨ ᠦ ᠠᠮᠠ ᠲᠡᠳᠡᠨ ᠢ ᠠᠪᠤᠷᠠᠨ᠎ᠠ᠃
7 ᠪᠤᠷᠤᠭᠤᠲᠠᠨ ᠬᠥᠮᠥᠷᠢᠭᠳᠡᠵᠦ ᠠᠷᠢᠯᠬᠤ ᠳᠤ ᠵᠥᠪᠲᠡᠨ ᠦ ᠭᠡᠷ ᠲᠣᠭᠲᠠᠨᠢᠨ᠎ᠠ᠃
8 ᠴᠡᠴᠡᠨ ᠣᠶᠤᠨ ᠢᠶᠠᠷ ᠢᠶᠠᠨ ᠬᠥᠮᠦᠨ ᠮᠠᠭᠲᠠᠭᠳᠠᠬᠤ ᠳᠤ ᠭᠠᠵᠢᠭᠤ ᠰᠠᠨᠠᠭ᠎ᠠ ᠪᠠᠰᠤᠮᠵᠢᠯᠠᠭᠳᠠᠨ᠎ᠠ᠃
9 ᠪᠣᠣᠪᠣ ᠦᠭᠡᠢ ᠪᠠᠷ ᠶᠡᠬᠡᠮᠰᠦᠭᠯᠡᠬᠦ ᠡᠴᠡ ᠪᠣᠭᠣᠯ ᠲᠠᠢ ᠪᠠᠢᠵᠤ ᠬᠥᠩᠭᠡᠪᠴᠢᠯᠡᠭᠳᠡᠬᠦ ᠨᠢ ᠳᠡᠭᠡᠷ᠎ᠡ᠃
10 ᠵᠥᠪᠲᠡᠨ ᠮᠠᠯ ᠤᠨ ᠢᠶᠠᠨ ᠠᠮᠢᠨ ᠳᠤ ᠴᠤ ᠬᠠᠢᠷᠠᠲᠠᠢ ᠪᠤᠷᠤᠭᠤᠲᠠᠨ ᠤ ᠥᠷᠥ ᠡᠪᠡᠳᠦᠯ ᠨᠢ ᠴᠤ ᠬᠠᠷᠭᠢᠰᠯᠠᠯ᠃
11 ᠲᠠᠷᠢᠶᠠᠨ ᠳᠠᠭᠠᠨ ᠬᠥᠳᠡᠯᠮᠦᠷᠢᠯᠡᠭᠴᠢ ᠬᠣᠭᠣᠯᠠ ᠪᠠᠷ ᠡᠯᠪᠡᠭ ᠬᠣᠭᠣᠰᠣᠨ ᠢ ᠬᠥᠭᠡᠭᠡᠴᠡᠯᠳᠦᠭᠴᠢ ᠤᠬᠠᠭᠠᠨ ᠳᠤᠲᠠᠮᠠᠭ᠃
12 ᠪᠤᠷᠤᠭᠤᠲᠠᠨ ᠪᠤᠵᠠᠷ ᠣᠯᠵᠠᠨ ᠳᠤ ᠰᠢᠨᠤᠳᠠᠭ ᠵᠥᠪᠲᠡᠨ ᠦ ᠦᠨᠳᠦᠰᠦ ᠥᠭᠭᠥᠭᠡᠵᠢ ᠥᠭᠳᠡᠭ᠃
13 ᠮᠠᠭᠤᠴᠤᠤᠯ ᠭᠡᠮᠲᠦ ᠶᠠᠷᠢᠶ᠎ᠠ ᠪᠠᠷ ᠢᠶᠠᠨ ᠤᠷᠠᠬᠠᠨ ᠳᠤ ᠣᠷᠣᠵᠤ ᠵᠥᠪᠲᠡᠨ ᠵᠣᠪᠠᠯᠠᠩ ᠠᠴᠠ ᠭᠠᠷᠤᠨ᠎ᠠ᠃
14 ᠬᠥᠮᠦᠨ ᠣᠷᠣᠭᠤᠯ ᠤᠨ ᠢᠶᠠᠨ ᠦᠭᠡ ᠪᠡᠷ ᠰᠠᠢᠨ ᠢ ᠬᠠᠨᠲᠠᠯ᠎ᠠ ᠪᠠᠨ ᠡᠳ᠋ᠯᠡᠨ᠎ᠡ ᠭᠠᠷ ᠤᠨ ᠢᠶᠠᠨ ᠦᠢᠯᠡ ᠪᠡᠷ ᠱᠠᠩᠨᠠᠯ ᠠᠪᠤᠨ᠎ᠠ᠃
15 ᠮᠤᠩ᠋ᠬᠠᠭ ᠤᠨ ᠨᠢᠳᠦᠨ ᠳᠦ ᠥᠪᠡᠷ ᠦᠨ ᠬᠢᠨᠢ ᠵᠠᠮ ᠵᠥᠪ ᠮᠡᠷᠭᠡᠨ ᠬᠥᠮᠦᠨ ᠵᠥᠪᠯᠡᠯᠭᠡ ᠶᠢ ᠰᠣᠨᠣᠰᠳᠠᠭ᠃
16 ᠮᠤᠩ᠋ᠬᠠᠭ ᠤᠨ ᠠᠭᠤᠷ ᠳᠣᠣᠷ᠎ᠠ ᠪᠠᠨ ᠮᠡᠳᠡᠭᠳᠡᠨ᠎ᠡ ᠬᠠᠰᠢᠷ ᠬᠥᠮᠦᠨ ᠳᠣᠷᠣᠮᠵᠢᠯᠠᠯ ᠢ ᠬᠦᠯᠢᠴᠡᠳᠡᠭ᠃
17 ᠦᠨᠡᠨ ᠢ ᠥᠴᠢᠭ᠍ᠴᠢ ᠰᠢᠳᠤᠷᠭᠤ ᠶᠢ ᠬᠠᠭᠤᠷᠮᠠᠭ ᠭᠡᠷᠡᠴᠢ ᠬᠤᠳᠠᠯ ᠢ ᠶᠠᠷᠢᠳᠠᠭ᠃
18 ᠪᠣᠳᠣᠯ ᠦᠭᠡᠢ ᠶᠠᠷᠢᠶ᠎ᠠ ᠢᠯᠳᠦ ᠪᠡᠷ ᠵᠦᠰᠦᠬᠦ ᠮᠡᠲᠦ ᠮᠡᠷᠭᠡᠨ ᠬᠥᠮᠦᠨ ᠦ ᠬᠡᠯᠡ ᠡᠳᠡᠭᠡᠷᠡᠯ ᠢ ᠠᠪᠴᠢᠷᠠᠳᠠᠭ᠃
19 ᠦᠨᠡᠨ ᠣᠷᠣᠭᠤᠯ ᠡᠭᠦᠷᠢᠳᠡ ᠪᠠᠲᠤ ᠬᠤᠳᠠᠯ ᠬᠡᠯᠡ ᠵᠠᠭᠤᠷᠠᠳᠤ᠃
20 ᠮᠠᠭᠤ ᠶᠢ ᠰᠡᠳᠦᠭᠴᠢ ᠶᠢᠨ ᠵᠢᠷᠦᠬᠡᠨ ᠳᠦ ᠣᠪ ᠵᠠᠯᠢ ᠠᠮᠤᠭᠤᠯᠠᠩ ᠪᠠᠢᠬᠤ ᠶᠢ ᠵᠥᠪᠯᠡᠭᠴᠢ ᠳᠤ ᠪᠠᠶᠠᠷ ᠪᠠᠶᠠᠰᠤᠯ᠃
21 ᠵᠥᠪᠲᠡᠨ ᠳᠦ ᠬᠥᠨᠥᠭᠡᠯ ᠡᠰᠡ ᠤᠴᠠᠷᠠᠨ᠎ᠠ ᠪᠤᠷᠤᠭᠤᠲᠠᠨ ᠳᠤ ᠮᠠᠭᠤ ᠨᠢ ᠳᠦᠭᠦᠷᠡᠩ᠃
22 ᠬᠤᠳᠠᠯ ᠣᠷᠣᠭᠤᠯ ᠶᠣᠬᠣᠸᠠ ᠶᠢᠨ ᠵᠢᠭ᠍ᠰᠢᠯ ᠦᠨᠡᠨᠴᠢ ᠪᠠᠷ ᠦᠢᠯᠡᠳᠦᠭᠴᠢ ᠲᠡᠭᠦᠨ ᠦ ᠲᠠᠭᠠᠯᠠᠯ᠃
23 ᠬᠠᠰᠢᠷ ᠬᠥᠮᠦᠨ ᠮᠡᠳᠡᠯᠭᠡ ᠪᠡᠨ ᠨᠢᠭᠤᠴᠠᠯᠠᠳᠠᠭ ᠮᠤᠩ᠋ᠬᠠᠭ ᠵᠢᠷᠦᠬᠡ ᠮᠤᠯᠭᠤᠤ ᠪᠠᠨ ᠲᠤᠩ᠋ᠬᠠᠭᠯᠠᠳᠠᠭ᠃
24 ᠠᠵᠢᠯᠰᠠᠭ 14 ᠭᠠᠷ ᠵᠠᠬᠢᠷᠤᠨ᠎ᠠ᠂ ᠵᠠᠯᠬᠠᠭᠤ ᠨᠢ ᠵᠠᠷᠤᠴᠠᠯᠠᠭᠳᠠᠨ᠎ᠠ᠃
25 ᠵᠣᠪᠠᠨᠢᠯ ᠬᠥᠮᠦᠨ ᠦ ᠵᠢᠷᠦᠬᠡ ᠶᠢ ᠬᠦᠨᠳᠦᠷᠡᠭᠦᠯᠳᠡᠭ᠌ ᠰᠠᠢᠨ ᠦᠭᠡ ᠲᠡᠭᠦᠨ ᠢ ᠪᠠᠶᠠᠰᠬᠠᠳᠠᠭ᠃
26 ᠵᠥᠪᠲᠡᠨ ᠬᠥᠷᠰᠢ ᠪᠠᠨ ᠬᠥᠲᠥᠯᠥᠨ᠎ᠡ 15 ᠪᠤᠷᠤᠭᠤᠲᠠᠨ ᠲᠡᠭᠦᠨ ᠢ ᠲᠥᠭᠡᠷᠢᠭᠦᠯᠦᠨ᠎ᠡ᠃
27 ᠠᠯᠬᠠᠭ ᠨᠢ ᠠᠩ ᠢᠶᠠᠨ ᠴᠤ ᠰᠢᠷᠠᠬᠤ ᠦᠭᠡᠢ ᠦᠨᠡᠲᠦ ᠡᠳ᠋ᠯᠡᠯ ᠨᠢ ᠠᠵᠢᠯᠴᠢ ᠬᠥᠮᠦᠨ ᠦ ᠬᠢ᠃
28 ᠵᠥᠪ ᠦᠨ ᠵᠢᠮ ᠳᠤ ᠠᠮᠢ ᠪᠤᠢ ᠵᠥᠷᠢᠭ ᠳᠡᠭᠡᠷ᠎ᠡ ᠨᠢ ᠦᠬᠦᠯ ᠦᠭᠡᠢ᠃