ᠵᠦᠢᠷ ᠮᠡᠷᠭᠡᠨ ᠦᠭᠡᠰ ᠠᠷᠪᠠᠨ ᠨᠢᠭᠡ
1 ᠵᠥᠷᠢᠭᠦᠦ ᠲᠡᠩᠨᠡᠭᠦᠷ ᠶᠣᠬᠣᠸᠠ ᠳᠤ ᠵᠢᠭ᠍ᠰᠢᠯ ᠵᠥᠪ ᠲᠠᠤᠬᠠᠢ ᠲᠡᠭᠦᠨ ᠦ ᠲᠠᠭᠠᠰᠢᠶᠠᠯ᠃
2 ᠪᠠᠷᠳᠠᠮ ᠢᠷᠡᠬᠦ ᠳᠦ ᠰᠢᠪᠰᠢᠭ ᠴᠤ ᠢᠷᠡᠨ᠎ᠡ ᠳᠠᠷᠤᠤ ᠨᠢ ᠮᠡᠷᠭᠡᠨ ᠲᠡᠢ ᠬᠠᠮᠲᠤ ᠪᠠᠢᠨ᠎ᠠ᠃
3 ᠴᠢᠭ᠍ᠴᠢ ᠬᠥᠮᠦᠨ ᠰᠢᠯᠤᠭᠤᠨ ᠳᠠᠭᠠᠨ ᠤᠳᠤᠷᠢᠳᠤᠨ᠎ᠠ ᠮᠡᠬᠡᠲᠦ ᠬᠥᠮᠦᠨ ᠮᠤᠷᠤᠢ ᠳᠠᠭᠠᠨ ᠤᠰᠠᠲᠤᠨ᠎ᠠ᠃
4 ᠬᠢᠯᠢᠩ ᠤᠨ ᠡᠳᠦᠷ ᠬᠥᠷᠥᠩᠭᠡ ᠨᠡᠮᠡᠷᠢ ᠦᠭᠡᠢ ᠦᠬᠦᠯ ᠡᠴᠡ ᠬᠡᠯᠲᠦᠷᠢᠭᠦᠯᠬᠦ ᠨᠢ ᠵᠥᠪᠲᠦ ᠪᠠᠢᠳᠠᠯ᠃
5 ᠪᠤᠷᠤᠭᠤ ᠦᠭᠡᠢ ᠬᠥᠮᠦᠨ ᠵᠥᠪ ᠢᠶᠡᠷ ᠢᠶᠠᠨ ᠵᠠᠮ ᠢᠶᠠᠨ ᠰᠢᠯᠤᠭᠤᠳᠬᠠᠨ᠎ᠠ ᠪᠤᠷᠤᠭᠤᠲᠠᠨ ᠨᠢ ᠪᠤᠷᠤᠭᠤ ᠳᠠᠭᠠᠨ ᠤᠨᠠᠨ᠎ᠠ᠃
6 ᠴᠢᠭ᠍ᠴᠢ ᠬᠥᠮᠦᠨ ᠵᠥᠪ ᠢᠶᠡᠷ ᠢᠶᠠᠨ ᠠᠪᠤᠷᠠᠭᠳᠠᠵᠤ ᠲᠡᠷᠰᠯᠡᠭᠴᠢ ᠰᠢᠨᠤᠯ ᠢᠶᠠᠷ ᠢᠶᠠᠨ ᠪᠠᠷᠢᠭᠳᠠᠨ᠎ᠠ᠃
7 ᠬᠠᠷ᠎ᠠ ᠰᠠᠨᠠᠭᠠᠲᠠᠨ ᠦᠬᠦᠪᠡᠯ ᠨᠠᠢᠳᠠᠪᠤᠷᠢ ᠨᠢ ᠠᠷᠢᠯᠤᠨ᠎ᠠ ᠵᠥᠪ ᠪᠤᠰᠤ ᠬᠦᠰᠡᠯ ᠨᠢ ᠠᠷᠢᠯᠤᠨ᠎ᠠ᠃
8 ᠵᠥᠪᠲᠡᠨ ᠭᠠᠮᠰᠢᠭ ᠠᠴᠠ ᠠᠪᠤᠷᠠᠭᠳᠠᠵᠤ ᠪᠤᠷᠤᠭᠤᠲᠠᠨ ᠣᠷᠣᠨ ᠳᠤᠨᠢ ᠣᠷᠣᠨ᠎ᠠ᠃
9 ᠰᠦᠰᠦᠭ ᠦᠭᠡᠢ ᠨᠢ ᠠᠮᠠ ᠪᠠᠷ ᠢᠶᠠᠨ ᠬᠥᠷᠰᠢ ᠪᠠᠨ ᠬᠥᠨᠥᠭᠡᠨ ᠵᠥᠪᠲᠡᠨ ᠮᠡᠳᠡᠯᠭᠡ ᠪᠡᠷ ᠭᠡᠲᠦᠯᠭᠡᠭᠳᠡᠨᠡ᠃
10 ᠵᠥᠪᠲᠡᠨ ᠮᠠᠨᠳᠤᠬᠤ ᠳᠤ ᠬᠣᠲᠠ ᠪᠠᠷ ᠢᠶᠠᠨ ᠪᠠᠶᠠᠰᠤᠨ᠎ᠠ ᠪᠤᠷᠤᠭᠤᠲᠠᠨ ᠮᠥᠬᠥᠬᠦ ᠳᠦ ᠪᠠᠶᠠᠷ ᠤᠨ ᠳᠠᠭᠤᠤ ᠪᠠᠢᠬᠤ ᠪᠣᠯᠣᠨ᠎ᠠ᠃
11 ᠬᠣᠲᠠ ᠵᠥᠪᠲᠡᠨ ᠦ ᠢᠷᠥᠭᠡᠯ ᠢᠶᠡᠷ ᠮᠠᠨᠳᠤᠵᠤ ᠪᠤᠷᠤᠭᠤᠲᠠᠨ ᠤ ᠠᠮᠠ ᠪᠠᠷ ᠨᠤᠷᠠᠨ᠎ᠠ᠃
12 ᠤᠬᠠᠭᠠᠨ ᠦᠭᠡᠢ ᠨᠢ ᠬᠥᠷᠰᠢ ᠪᠠᠨ ᠳᠣᠷᠣᠮᠵᠢᠯᠠᠵᠤ ᠤᠬᠠᠭᠠᠯᠢᠭ ᠬᠥᠮᠦᠨ ᠳᠠᠭᠤ ᠦᠭᠡᠢ ᠪᠠᠢᠳᠠᠭ᠃
13 ᠬᠣᠪ ᠵᠥᠭᠡᠭᠡᠭᠴᠢ ᠨᠢᠭᠤᠴᠠ ᠶᠢ ᠵᠠᠳᠠᠷᠠᠭᠤᠯᠤᠭᠴᠢ ᠢᠲᠡᠭᠡᠮᠵᠢᠲᠦ ᠵᠢᠷᠦᠬᠡ ᠲᠠᠢ ᠨᠢ ᠤᠴᠢᠷ ᠶᠠᠪᠤᠳᠠᠯ ᠢ ᠨᠢᠭᠤᠴᠠᠯᠠᠭᠴᠢ᠃
14 ᠤᠳᠤᠷᠢᠳᠤᠯᠭ᠎ᠠ ᠦᠭᠡᠢ ᠡᠴᠡ ᠠᠷᠠᠳ ᠣᠯᠠᠨ ᠤᠨᠠᠨ᠎ᠠ ᠵᠥᠪᠯᠡᠭᠴᠢ ᠶᠢᠨ ᠣᠯᠠᠨ ᠢᠶᠠᠷ ᠢᠯᠠᠯᠲᠠ ᠣᠯᠣᠨ᠎ᠠ᠃
15 ᠭᠠᠳᠠᠨ᠎ᠠ ᠶᠢᠨ ᠬᠥᠮᠦᠨ ᠢ ᠪᠠᠲᠤᠯᠠᠨ ᠳᠠᠭᠠᠭᠠᠭᠴᠢ ᠦᠢᠯᠡ ᠪᠡᠨ ᠦᠵᠡᠨ᠎ᠡ ᠡᠭᠦᠨ ᠢ ᠵᠢᠭ᠍ᠰᠢᠵᠦ ᠲᠦᠯᠬᠢᠭ᠍ᠴᠢ ᠨᠢ ᠤᠰᠤᠯ ᠦᠭᠡᠢ ᠪᠠᠢᠬᠤ ᠪᠣᠯᠣᠨ᠎ᠠ᠃
16 ᠡᠯᠢᠭᠡᠰᠡᠭ ᠡᠮᠡᠭᠲᠡᠢ ᠠᠯᠳᠠᠷ ᠬᠦᠨᠳᠦ ᠶᠢ ᠴᠤ ᠣᠯᠵᠤ ᠡᠷᠡᠯᠬᠡᠭ ᠡᠷ᠎ᠡ ᠡᠳ᠋ ᠬᠥᠷᠥᠩᠭᠡ ᠶᠢ ᠯᠠ ᠣᠯᠣᠨ᠎ᠠ᠃
17 ᠥᠷᠥᠪᠴᠢ ᠬᠥᠮᠦᠨ ᠨᠢ ᠥᠪᠡᠷ ᠢ ᠪᠠᠨ ᠬᠠᠯᠠᠮᠵᠢᠯᠠᠭᠴᠢ ᠥᠷᠥᠰᠢᠶᠡᠯ ᠦᠭᠡᠢ ᠨᠢ ᠥᠪᠡᠷ ᠢ ᠪᠠᠨ ᠵᠣᠪᠠᠭᠠᠭᠴᠢ᠃
18 ᠪᠤᠷᠤᠭᠤᠲᠠᠨ ᠤ ᠣᠷᠣᠯᠭ᠎ᠠ ᠪᠠᠲᠤ ᠦᠭᠡᠢ ᠵᠥᠪ ᠢ ᠲᠠᠷᠢᠭᠴᠢ ᠶᠢᠨ ᠱᠠᠩᠨᠠᠯ ᠪᠠᠲᠤ ᠲᠠᠢ᠃
19 ᠵᠥᠪᠲᠡᠨ ᠠᠮᠢ ᠲᠡᠰᠢ ᠮᠠᠭᠤ ᠶᠢ ᠳᠠᠭᠠᠭᠴᠢ ᠦᠬᠦᠯ ᠲᠡᠰᠢ᠃
20 ᠪᠠᠰᠢᠷ ᠰᠠᠨᠠᠭᠠᠲᠠᠨ ᠶᠣᠬᠣᠸᠠ ᠶᠢᠨ ᠵᠢᠭ᠍ᠰᠢᠯ ᠪᠤᠷᠤᠭᠤ ᠦᠭᠡᠢ ᠵᠠᠮᠲᠠᠨ ᠲᠡᠭᠦᠨ ᠳᠦ ᠲᠠᠭᠠᠯᠠᠯ᠃
21 ᠪᠠᠲᠤᠲᠠᠢ ᠮᠡᠳᠡᠲᠦᠭᠡᠢ᠂ ᠮᠠᠭᠤ ᠬᠥᠮᠦᠨ ᠯᠠᠪ ᠰᠢᠳᠬᠡᠯ ᠦᠭᠡᠢ ᠥᠩᠭᠡᠷᠡᠬᠦ ᠦᠭᠡᠢ ᠵᠥᠪᠲᠡᠨ ᠦ ᠦᠷ᠎ᠡ ᠬᠣᠢᠴᠢ ᠭᠡᠲᠦᠯᠭᠡᠭᠳᠡᠨᠡ᠃
22 ᠭᠠᠩ᠋ᠭᠠᠩ ᠠᠲᠠᠯ᠎ᠠ ᠪᠠᠨ ᠪᠣᠳᠣᠯ ᠦᠭᠡᠢ ᠬᠡᠦᠬᠡᠨ ᠭᠠᠬᠠᠢ ᠶᠢᠨ ᠬᠠᠮᠠᠷ ᠲᠤ ᠵᠡᠭᠦᠯᠲᠡ ᠲᠠᠢ ᠠᠯᠲᠠᠨ ᠭᠠᠷᠠᠬ᠎ᠠ ᠠᠳᠠᠯᠢ᠃
23 ᠵᠥᠪᠲᠡᠨ ᠦ ᠬᠦᠰᠡᠯ ᠵᠥᠪᠬᠡᠨ ᠰᠠᠢᠨ ᠰᠠᠢᠬᠠᠨ ᠳᠤ ᠪᠤᠷᠤᠭᠤᠲᠠᠨ ᠤ ᠭᠣᠷᠢᠳᠠᠯᠭ᠎ᠠ ᠬᠠᠷᠢᠨ ᠠᠭᠤᠷ ᠬᠢᠯᠢᠩ ᠳᠤ᠃
24 ᠥᠭᠭᠢᠶᠡᠮᠦᠷ ᠢᠶᠡᠷ ᠥᠭᠭᠥᠭᠡᠳ ᠤᠯᠠᠮ ᠪᠠᠶᠠᠵᠢᠳᠠᠭ ᠨᠢᠭᠡᠨ ᠪᠤᠢ ᠥᠭᠬᠦ ᠶᠣᠰᠣᠲᠠᠢ ᠪᠠᠨ ᠴᠤ ᠬᠠᠷᠠᠮᠨᠠᠵᠤ ᠶᠠᠳᠠᠭᠤᠷᠠᠬᠤ ᠯᠠ ᠨᠢᠭᠡᠨ ᠪᠤᠢ᠃
25 ᠥᠭᠭᠢᠶᠡᠮᠦᠷ ᠬᠥᠮᠦᠨ ᠴᠠᠳᠬᠤᠯᠠᠩ ᠥᠷᠥᠭᠡᠯ ᠢ ᠤᠮᠳᠠᠯᠠᠭᠴᠢ ᠥᠪᠡᠷ ᠢᠶᠡᠨ ᠴᠤ ᠤᠮᠳᠠᠯᠠᠭᠳᠠᠨᠠ᠃
26 ᠠᠮᠤ ᠬᠦᠨᠡᠰᠦ ᠪᠡᠨ ᠨᠢᠭᠤᠨ ᠳᠠᠷᠤᠭᠴᠢ ᠥᠷᠭᠡᠨ ᠲᠦᠮᠡᠨ ᠦ ᠬᠠᠷᠢᠶᠠᠯ ᠥᠭᠡᠷ᠎ᠡ ᠪᠤᠰᠤᠳ ᠲᠤ ᠬᠤᠳᠠᠯᠳᠤᠭᠴᠢ ᠥᠪᠡᠷ ᠦᠨ ᠬᠢᠨᠢ ᠲᠣᠯᠣᠭᠠᠢ ᠳᠤ ᠢᠷᠥᠭᠡᠯ᠃
27 ᠰᠠᠢᠨ ᠳᠤ ᠰᠢᠮᠳᠠᠭᠴᠢ ᠲᠠᠭᠠᠯᠠᠯ ᠢ ᠣᠯᠬᠤ ᠮᠠᠭᠤ ᠶᠢ ᠡᠷᠢᠭ᠍ᠴᠢ ᠳᠤ ᠮᠠᠭᠤ ᠨᠢ ᠢᠷᠡᠬᠦ᠃
28 ᠪᠠᠶᠠᠯᠢᠭ ᠲᠠᠭᠠᠨ ᠢᠲᠡᠭᠡᠭᠴᠢ ᠤᠨᠠᠨ ᠵᠥᠪᠲᠡᠨ ᠬᠠᠷᠢᠨ ᠨᠣᠭᠣᠭᠠᠨ ᠨᠠᠪᠴᠢ ᠰᠢᠭ᠋ ᠳᠡᠯᠭᠡᠷᠡᠨ᠎ᠡ᠃
29 ᠣᠷᠣᠨ ᠭᠡᠷ ᠢᠶᠡᠨ ᠰᠠᠨᠳᠠᠭᠠᠭᠴᠢ ᠬᠡᠢ ᠰᠠᠯᠬᠢ ᠶᠢ ᠯᠠ ᠥᠪᠯᠡᠵᠦ ᠣᠢ ᠦᠭᠡᠢ ᠮᠤᠩ᠋ᠬᠠᠭ ᠨᠢ ᠮᠡᠷᠭᠡᠨ ᠦ ᠵᠠᠷᠤᠴᠠ ᠪᠣᠯᠣᠨ᠎ᠠ᠃
30 ᠵᠥᠪᠲᠦ ᠶᠢᠨ ᠦᠷ᠎ᠡ ᠵᠢᠮᠢᠰ ᠠᠮᠢ ᠶᠢᠨ ᠮᠣᠳᠣ ᠬᠥᠮᠦᠨ ᠢ ᠣᠯᠣᠭᠴᠢ ᠨᠢ ᠮᠡᠷᠭᠡᠨ᠃
31 ᠵᠥᠪᠲᠡᠨ ᠭᠠᠵᠠᠷ ᠳᠡᠭᠡᠷ᠎ᠡ ᠬᠠᠷᠢᠭᠤ ᠪᠠᠨ ᠠᠮᠰᠠᠨ᠎ᠠ ᠪᠤᠷᠤᠭᠤᠲᠤ ᠭᠡᠮᠲᠡᠨ ᠦᠨᠡᠬᠡᠷ ᠶᠠᠭᠠᠬᠢᠬᠤ ᠪᠣᠯ ᠡ᠃