1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠶᠢᠰᠦ
 ᠮᠡᠷᠭᠡᠨ ᠤᠬᠠᠭᠠᠨ ᠬᠢᠭᠡᠳ ᠮᠤᠩ᠋ᠬᠠᠭᠯᠠᠯ ᠤᠨ ᠤᠷᠢᠶᠠᠯᠭ᠎ᠠ
1 ᠮᠡᠷᠭᠡᠨ ᠤᠬᠠᠭᠠᠨ ᠭᠡᠷ ᠢᠶᠡᠨ ᠪᠠᠷᠢᠵᠠᠢ ᠳᠣᠯᠣᠭᠠᠨ ᠪᠠᠭᠠᠨ᠎ᠠ ᠪᠠᠨ ᠴᠠᠪᠴᠢᠵᠤ ᠭᠠᠷᠭᠠᠵᠠᠢ᠂
2 ᠮᠠᠯ ᠢᠶᠠᠨ ᠨᠢᠳᠤᠯᠤᠨ ᠳᠠᠷᠠᠰᠤ ᠪᠠᠨ ᠨᠠᠢᠷᠠᠵᠤ ᠰᠢᠷᠡᠭᠡ ᠪᠡᠨ ᠵᠠᠰᠠᠭᠠᠳ
3 ᠰᠢᠪᠡᠭᠴᠢᠳ ᠢᠶᠠᠨ ᠢᠯᠡᠭᠡᠨ ᠬᠣᠲᠠ ᠶᠢᠨ ᠥᠨᠳᠥᠷ ᠣᠷᠣᠢ ᠠᠴᠠ ᠬᠠᠰᠬᠢᠷᠴᠤ
4 《ᠬᠡᠨ ᠭᠡᠨᠡᠨ ᠪᠣᠯ ᠨᠠᠰᠢ ᠡᠷᠭᠢᠵᠦ ᠢᠷ᠎ᠡ》 ᠭᠡᠳ ᠤᠬᠠᠭᠠᠨ ᠳᠤᠲᠠᠮᠠᠭ ᠲᠤᠨᠢ ᠥᠭᠦᠯᠡᠨ᠄
5 《ᠨᠠᠰᠢ ᠢᠷ᠎ᠡ᠂ ᠮᠢᠨᠦ ᠬᠣᠭᠣᠯᠠᠨ ᠠᠴᠠ ᠢᠳᠡ ᠨᠠᠢᠷᠠᠭᠤᠯᠤᠭᠰᠠᠨ ᠳᠠᠷᠠᠰᠤ ᠠᠴᠠ ᠮᠢᠨᠢ ᠤᠤᠭᠤ
6 ᠣᠢ ᠦᠭᠡᠢ ᠭᠡᠨᠡᠨ ᠢᠶᠡᠨ ᠣᠷᠬᠢᠵᠤ ᠠᠮᠢᠳᠤᠷᠠᠵᠠᠭ᠎ᠠ ᠤᠬᠠᠭᠠᠷᠠᠯ ᠤᠨ ᠵᠠᠮ ᠢᠶᠠᠷ ᠰᠢᠯᠤᠭᠤᠳᠵᠠᠭ᠎ᠠ》

7 ᠪᠠᠰᠤᠮᠵᠢᠯᠠᠭᠴᠢ ᠶᠢ ᠵᠠᠰᠠᠭᠴᠢ ᠰᠢᠪᠰᠢᠭ ᠢ᠂ ᠪᠤᠷᠤᠭᠤᠲᠠᠨ ᠢ ᠵᠢᠮᠡᠯᠡᠭᠴᠢ ᠰᠡᠪ ᠢ ᠣᠯᠣᠨ᠎ᠠ᠃
8 ᠪᠠᠰᠤᠮᠵᠢᠯᠠᠭᠴᠢ ᠶᠢ ᠪᠦᠦ ᠵᠢᠮᠡᠯᠡ ᠲᠡᠷᠡ ᠴᠢᠮᠠᠶᠢ ᠬᠣᠷᠣᠰᠣᠨ᠎ᠠ ᠮᠡᠷᠭᠡᠨ ᠢ ᠵᠢᠮᠡᠯᠡ ᠲᠡᠷᠡ ᠴᠢᠮᠠᠶᠢ ᠬᠠᠢᠷᠠᠯᠠᠨ᠎ᠠ᠃
9 ᠮᠡᠷᠭᠡᠨ ᠢ ᠵᠢᠭᠠᠪᠤᠷᠢᠯᠠᠪᠠᠯ ᠤᠯᠠᠮ ᠮᠡᠷᠭᠡᠨ ᠪᠣᠯᠵᠤ ᠵᠥᠪᠲᠡᠨ ᠢ ᠰᠤᠷᠭᠠᠪᠠᠯ ᠡᠷᠳᠡᠮ ᠨᠢ ᠨᠡᠮᠡᠭᠳᠡᠨ᠎ᠡ᠃
10 ᠮᠡᠷᠭᠡᠨ ᠤᠬᠠᠭᠠᠨ ᠤ ᠡᠬᠢᠯᠡᠯ ᠨᠢ ᠶᠣᠬᠣᠸᠠ ᠠᠴᠠ ᠡᠮᠢᠶᠡᠬᠦᠢ ᠠᠷᠢᠭᠤᠨ ᠨᠢᠭᠡᠨ ᠢ ᠮᠡᠳᠡᠬᠦ ᠨᠢ ᠤᠬᠠᠭᠠᠷᠠᠯ
11 ᠴᠢᠨᠦ ᠡᠳᠦᠷ ᠤᠳ ᠨᠠᠳᠠ ᠠᠴᠠ ᠪᠣᠯᠵᠤ ᠤᠷᠲᠤᠰᠤᠨ᠎ᠠ ᠠᠮᠢᠳᠤᠷᠠᠯ ᠤᠨ ᠵᠢᠯ ᠤᠳ ᠴᠢᠨᠢ ᠨᠡᠮᠡᠭᠳᠡᠨ᠎ᠡ᠃
12 ᠬᠡᠷᠪᠡ ᠴᠢ ᠮᠡᠷᠭᠡᠨ ᠠᠪᠠᠰᠤ ᠮᠡᠷᠭᠡᠨ ᠨᠢ ᠥᠪᠡᠷ ᠲᠦ ᠴᠢᠨᠢ ᠲᠤᠰᠠᠲᠠᠢ ᠬᠡᠷᠪᠡ ᠴᠢ ᠪᠠᠰᠤᠮᠵᠢᠯᠠᠭᠴᠢ ᠪᠣᠯ ᠲᠡᠭᠦᠨ ᠢ ᠪᠠᠨ ᠥᠪᠡᠷ ᠢᠶᠡᠨ ᠯᠠ ᠡᠭᠦᠷᠬᠦ ᠤᠴᠢᠷ ᠲᠠᠢ᠃

13 ᠮᠤᠩ᠋ᠬᠠᠭ ᠡᠮ᠎ᠡ ᠳᠠᠭᠤ ᠶᠡᠬᠡ ᠲᠠᠢ ᠮᠤᠯᠭᠤᠤ ᠪᠥᠭᠡᠳ ᠮᠡᠳᠡᠬᠦ ᠶᠠᠭᠤᠮ᠎ᠠ ᠦᠭᠡᠢ
14 ᠰᠠᠭᠤᠴᠠᠨ ᠤ ᠪᠠᠨ ᠡᠭᠦᠳᠡᠨ ᠳᠦ ᠬᠣᠲᠠ ᠶᠢᠨ ᠥᠨᠳᠥᠷ ᠭᠠᠵᠠᠷ ᠤᠨ ᠰᠠᠭᠤᠳᠠᠯ ᠳᠡᠭᠡᠷ᠎ᠡ ᠰᠠᠭᠤᠭᠠᠳ
15 ᠵᠠᠮ ᠢᠶᠠᠷ ᠥᠩᠭᠡᠷᠡᠭᠰᠡᠳ ᠪᠣᠯᠣᠨ ᠰᠢᠯᠤᠭᠤᠨ ᠵᠠᠮᠨᠠᠭᠴᠢᠳ ᠢ ᠳᠠᠭᠤᠳᠠᠵᠤ
16 《ᠭᠡᠨᠡᠨ ᠨᠢᠭᠡᠨ ᠡ᠂ ᠭᠡᠳᠡᠷᠭᠦ ᠢᠷ᠎ᠠ》 ᠭᠡᠳ ᠤᠬᠠᠭᠠᠨ ᠳᠤᠲᠠᠮᠠᠭ ᠲᠤᠨᠢ
17 《ᠬᠤᠯᠠᠭᠠᠢᠯᠠᠭᠰᠠᠨ ᠤᠰᠤ ᠠᠮᠲᠠ ᠲᠠᠢ ᠨᠢᠭᠤᠵᠤ ᠢᠳᠡᠭᠰᠡᠨ ᠬᠣᠭᠣᠯᠠ ᠲᠠᠭᠠᠲᠠᠢ》 ᠭᠡᠨ᠎ᠡ᠃
18 ᠬᠠᠷᠢᠨ ᠦᠬᠦᠯ ᠨᠢ ᠲᠡᠨᠳᠡ ᠪᠠᠢᠭ᠎ᠠ ᠶᠢ ᠲᠡᠭᠡᠵᠦ ᠳᠠᠭᠤᠳᠠᠭᠤᠯᠤᠭᠰᠠᠳ ᠨᠢ ᠦᠬᠦᠯ ᠦᠨ ᠣᠷᠣᠨ ᠤ ᠭᠦᠨ ᠳᠦ ᠪᠠᠢᠭ᠎ᠠ ᠶᠢ ᠲᠡᠷᠡ ᠡᠷ᠎ᠡ ᠮᠡᠳᠡᠳᠡᠭ ᠦᠭᠡᠢ ᠪᠦᠯᠦᠭᠡ᠃