1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠠᠷᠪᠠᠨ ᠵᠢᠷᠭᠤᠭ᠎ᠠ
1 ᠰᠡᠳᠬᠢᠯ ᠤᠨ ᠲᠥᠯᠥᠪᠯᠡᠭᠡ ᠨᠢ ᠬᠥᠮᠦᠨ ᠦ ᠬᠢ ᠬᠡᠯᠡᠨ ᠦ ᠬᠠᠷᠢᠭᠤ ᠨᠢ ᠶᠣᠬᠣᠸᠠ ᠠᠴᠠ᠃
2 ᠬᠥᠮᠦᠨ ᠦ ᠪᠦᠬᠦ ᠵᠠᠮ ᠥᠪᠡᠷ ᠦᠨ ᠬᠢᠨᠢ ᠨᠢᠳᠦᠨ ᠳᠦ ᠴᠡᠪᠡᠷ ᠬᠠᠷᠢᠨ ᠶᠣᠬᠣᠸᠠ ᠯᠠ ᠰᠦᠨᠡᠰᠦ ᠶᠢ ᠰᠢᠯᠭᠠᠨ᠎ᠠ᠃
3 ᠠᠵᠢᠯ ᠢᠶᠠᠨ ᠶᠣᠬᠣᠸᠠ ᠳᠤ ᠳᠠᠭᠠᠳᠬ᠎ᠠ ᠵᠣᠷᠢᠯᠭ᠎ᠠ ᠴᠢᠨᠢ ᠪᠡᠶᠡᠯᠡᠭᠳᠡᠨ᠎ᠡ᠃
4 ᠶᠣᠬᠣᠸᠠ ᠪᠦᠬᠦᠨ ᠢ ᠥᠪᠡᠷ ᠦᠨ ᠢᠶᠠᠨ ᠵᠣᠷᠢᠯᠭ᠎ᠠ ᠶᠢᠨ ᠲᠥᠯᠥᠭᠡ ᠪᠤᠷᠤᠭᠤᠲᠠᠨ ᠢ ᠴᠤ ᠭᠠᠮᠰᠢᠭ ᠤᠨ ᠡᠳᠦᠷ ᠦᠨ ᠲᠥᠯᠥᠭᠡ ᠪᠦᠲᠦᠭᠡᠭᠰᠡᠨ ᠶᠤᠮ᠃
5 ᠪᠠᠷᠳᠠᠮ ᠵᠠᠩ ᠲᠠᠢ ᠪᠦᠬᠦᠨ ᠶᠣᠬᠣᠸᠠ ᠶᠢᠨ ᠵᠢᠭ᠍ᠰᠢᠯ ᠪᠠᠲᠤᠲᠠᠢ ᠬᠡᠯᠡᠪᠡᠯ᠂ ᠲᠡᠳᠡ ᠰᠢᠳᠬᠡᠯ ᠦᠭᠡᠢ ᠥᠩᠭᠡᠷᠡᠬᠦ ᠦᠭᠡᠢ᠃
6 ᠬᠠᠢᠷ᠎ᠠ ᠪᠠ ᠦᠨᠡᠨ ᠢᠶᠡᠷ ᠨᠢᠭᠦᠯ ᠬᠡᠯᠲᠦᠷᠢᠭᠦᠯᠦᠭᠳᠡᠨ᠎ᠡ ᠶᠣᠬᠣᠸᠠ ᠠᠴᠠ ᠡᠮᠢᠶᠡᠬᠦᠢ ᠪᠠᠷ ᠮᠠᠭᠤ ᠠᠴᠠ ᠡᠷᠭᠢᠬᠦ᠃
7 ᠶᠣᠬᠣᠸᠠ ᠬᠡᠨ ᠬᠥᠮᠦᠨ ᠦ ᠵᠠᠮ ᠢ ᠲᠠᠭᠠᠯᠠᠪᠠᠯ ᠳᠠᠢᠰᠤᠨ ᠨᠤᠭᠤᠳ ᠲᠠᠢ ᠨᠢ ᠴᠤ ᠡᠪᠯᠡᠷᠡᠭᠦᠯᠵᠦ ᠥᠭᠭᠥᠨ᠎ᠡ᠃
8 ᠵᠦᠢ ᠪᠤᠰᠤ ᠶᠢᠨ ᠶᠡᠬᠡ ᠣᠷᠣᠯᠭ᠎ᠠ ᠠᠴᠠ ᠵᠥᠪ ᠶᠣᠰᠣᠨ ᠤ ᠪᠠᠭᠠᠬᠠᠨ ᠨᠢ ᠳᠡᠭᠡᠷ᠎ᠡ᠃
9 ᠬᠥᠮᠦᠨ ᠳᠣᠲᠣᠷ᠎ᠠ ᠪᠠᠨ ᠵᠠᠮ ᠢᠶᠠᠨ ᠲᠥᠯᠥᠪᠯᠡᠳᠡᠭ ᠴᠤ ᠶᠣᠬᠣᠸᠠ ᠯᠠ ᠠᠯᠬᠤᠮ ᠢ ᠨᠢ ᠲᠣᠭᠲᠠᠭᠠᠨ᠎ᠠ᠃
10 ᠵᠥᠩ ᠨᠢ ᠬᠠᠭᠠᠨ ᠤ ᠣᠷᠣᠭᠤᠯ ᠳᠤ ᠪᠠᠢᠭ ᠰᠢᠭᠦᠯᠲᠡ ᠳᠦ ᠲᠡᠭᠦᠨ ᠦ ᠠᠮᠠ ᠪᠦᠦ ᠪᠤᠷᠤᠭᠤᠳᠠᠭ᠃
11 ᠵᠥᠪ ᠲᠡᠩᠨᠡᠭᠦᠷ ᠵᠢᠩᠯᠡᠭᠦᠷ ᠶᠣᠬᠣᠸᠠ ᠶᠢᠨ ᠬᠢ ᠤᠭᠤᠲᠠᠨ ᠳᠠᠬᠢ ᠪᠦᠬᠦ ᠲᠠᠤᠬᠠᠢ ᠲᠡᠭᠦᠨ ᠦ ᠪᠦᠲᠦᠭᠡᠯ᠃
12 ᠪᠤᠷᠤᠭᠤ ᠶᠢ ᠦᠢᠯᠡᠳᠬᠦ ᠨᠢ ᠬᠠᠭᠠᠨ ᠤ ᠵᠢᠭ᠍ᠰᠢᠯ ᠪᠠᠢᠭ ᠬᠠᠭᠠᠨ ᠤ ᠰᠡᠨᠲᠢ ᠭᠣᠣᠯᠴᠢ ᠶᠣᠰᠣ ᠪᠠᠷ ᠪᠠᠲᠤᠵᠢᠨ᠎ᠠ᠃
13 ᠰᠢᠳᠤᠷᠭᠤ ᠣᠷᠣᠭᠤᠯ ᠬᠠᠭᠠᠨ ᠳᠤ ᠲᠠᠭᠠᠯᠠᠯ ᠦᠨᠡᠨ ᠢ ᠶᠠᠷᠢᠭᠴᠢ ᠶᠢ ᠲᠡᠷᠡ ᠬᠠᠢᠷᠠᠯᠠᠨ᠎ᠠ᠃
14 ᠬᠠᠭᠠᠨ ᠤ ᠬᠢᠯᠢᠩ ᠨᠢ ᠦᠬᠦᠯ ᠦᠨ ᠡᠯᠴᠢ ᠮᠡᠷᠭᠡᠨ ᠨᠢ ᠯᠠ ᠲᠡᠭᠦᠨ ᠢ ᠨᠢ ᠨᠠᠮᠳᠠᠭᠠᠨ᠎ᠠ᠃
15 ᠬᠠᠭᠠᠨ ᠤ ᠨᠢᠭᠤᠷ ᠤᠨ ᠭᠡᠷᠡᠯ ᠨᠢ ᠠᠮᠢ ᠲᠡᠭᠦᠨ ᠦ ᠲᠠᠭᠠᠯᠠᠯ ᠬᠠᠪᠤᠷ ᠤᠨ ᠪᠣᠷᠣᠭᠠᠨ ᠤ ᠡᠭᠦᠯᠡ ᠮᠡᠲᠦ᠃
16 ᠮᠡᠷᠭᠡᠨ ᠤᠬᠠᠭᠠᠨ ᠢ ᠣᠯᠬᠤ ᠨᠢ ᠠᠯᠲᠠᠨ ᠠᠴᠠ ᠢᠯᠡᠭᠦᠦ ᠮᠡᠳᠡᠯᠭᠡ ᠣᠶᠤᠨ ᠢ ᠣᠯᠬᠤ ᠨᠢ ᠮᠥᠩᠭᠥ ᠶᠢ ᠰᠣᠩ᠋ᠭᠣᠬᠤ ᠠᠴᠠ ᠳᠠᠪᠠᠭᠤ᠃
17 ᠮᠠᠭᠤ ᠠᠴᠠ ᠵᠠᠢᠯᠠᠬᠤ ᠨᠢ ᠴᠢᠭ᠍ᠴᠢ ᠬᠥᠮᠦᠨ ᠦ ᠳᠠᠷᠳᠠᠩ ᠵᠠᠮ ᠵᠠᠮ ᠢᠶᠠᠨ ᠬᠠᠷᠠᠭᠤᠯᠳᠠᠭᠴᠢ ᠨᠢ ᠠᠮᠢ ᠪᠠᠨ ᠬᠠᠮᠠᠭᠠᠯᠠᠭᠴᠢ᠃
18 ᠨᠤᠷᠠᠬᠤ ᠶᠢᠨ ᠲᠦᠷᠦᠭᠦᠦ ᠬᠥᠭᠡᠷᠦᠦ ᠤᠨᠠᠬᠤ ᠶᠢᠨ ᠲᠦᠷᠦᠭᠦᠦ ᠶᠡᠬᠡᠷᠬᠡᠦ ᠵᠠᠩ᠃
19 ᠶᠠᠳᠠᠭᠤ ᠬᠥᠮᠦᠰ ᠲᠡᠢ ᠬᠠᠮᠲᠤ ᠳᠠᠷᠤᠤ ᠪᠠᠢᠬᠤ ᠨᠢ ᠪᠠᠷᠳᠠᠮ ᠬᠥᠮᠦᠰ ᠲᠡᠢ ᠬᠠᠮᠲᠤ ᠣᠯᠵᠠ ᠬᠤᠪᠢᠶᠠᠯᠴᠠᠬᠤ ᠠᠴᠠ ᠳᠡᠭᠡᠷ᠎ᠡ᠃
20 ᠦᠭᠡᠨ ᠳᠦ ᠠᠩ᠋ᠬᠠᠷᠤᠭᠴᠢ ᠨᠢ ᠰᠠᠢᠨ ᠢ ᠣᠯᠣᠨ᠎ᠠ ᠶᠣᠬᠣᠸᠠ ᠳᠤ ᠨᠠᠢᠳᠠᠭᠴᠢ ᠨᠢ ᠪᠤᠶᠠᠨ ᠲᠠᠢ᠃
21 ᠮᠡᠷᠭᠡᠨ ᠤᠬᠠᠭᠠᠨᠲᠠᠨ ᠣᠢᠯᠠᠭᠠᠯᠲᠠ ᠶᠢ ᠥᠭᠭᠥᠭᠴᠢ ᠭᠡᠭᠳᠡᠨ᠎ᠡ ᠠᠮᠲᠠᠲᠤ ᠦᠭᠡ ᠣᠢᠯᠠᠭᠠᠯᠲᠠ ᠶᠢ ᠨᠡᠮᠡᠭᠳᠡᠭᠦᠯᠦᠨ᠎ᠡ᠃
22 ᠠᠪᠬᠠᠯᠵᠢ ᠨᠢ ᠡᠵᠡᠮᠰᠢᠭ᠍ᠴᠢᠳ ᠲᠡᠭᠡᠨ ᠠᠮᠢ ᠶᠢᠨ ᠤᠨᠳᠤᠷᠤᠭ᠎ᠠ ᠮᠤᠩ᠋ᠬᠠᠭ ᠨᠢ ᠮᠤᠩ᠋ᠬᠠᠭ ᠲᠤ ᠰᠢᠳᠬᠡᠯ᠃
23 ᠮᠡᠷᠭᠡᠨ ᠦ ᠰᠠᠨᠠᠭ᠎ᠠ ᠥᠪᠡᠷ ᠦᠨ ᠢᠶᠠᠨ ᠠᠮᠠ ᠶᠢ ᠰᠤᠷᠭᠠᠨ᠎ᠠ ᠣᠷᠣᠭᠤᠯ ᠳᠡᠭᠡᠷ᠎ᠡ ᠨᠢ ᠣᠢᠯᠠᠭᠠᠯᠲᠠ ᠶᠢ ᠨᠡᠮᠡᠨ᠎ᠡ᠃
24 ᠨᠠᠢᠷᠰᠠᠭ ᠦᠭᠡᠰ ᠵᠥᠭᠡᠢ 19  ᠶᠢᠨ ᠪᠠᠯ ᠰᠡᠳᠬᠢᠯ ᠳᠤ ᠪᠤᠷᠠᠮ᠂ ᠶᠠᠰᠤᠨ ᠳᠤ ᠡᠮ᠃
25 ᠥᠪᠡᠷ ᠦᠨ ᠬᠢᠨᠢ ᠨᠢᠳᠦᠨ ᠳᠦ ᠵᠥᠪ ᠠᠲᠠᠯ᠎ᠠ ᠦᠬᠦᠯ ᠳᠦ ᠬᠦᠷᠭᠡᠬᠦ ᠵᠠᠮ ᠪᠤᠢ᠃
26 ᠠᠮᠠ ᠨᠢ ᠠᠯᠪᠠᠳᠠᠳᠠᠭ ᠲᠤᠯᠠ ᠠᠵᠢᠯᠴᠢᠨ ᠠᠵᠢᠯᠯᠠᠳᠠᠭ᠃
27 ᠣᠯᠢᠭ ᠦᠭᠡᠢ ᠬᠥᠮᠦᠨ ᠮᠠᠭᠤ ᠶᠢ ᠰᠡᠳᠦᠨ᠎ᠡ ᠣᠷᠣᠭᠤᠯ ᠨᠢ ᠤᠯᠠᠩ᠋ᠭᠠᠰᠤᠬᠤ ᠭᠠᠯ ᠮᠡᠲᠦ᠃
28 ᠪᠠᠴᠢᠲᠤ ᠬᠥᠮᠦᠨ ᠮᠠᠷᠭᠤᠭᠠᠨ ᠳᠡᠭᠳᠡᠭᠡᠨ᠎ᠡ ᠬᠣᠪᠴᠢ ᠬᠥᠮᠦᠨ ᠳᠣᠲᠣᠨᠣ ᠠᠨᠳᠠ ᠶᠢ ᠰᠠᠯᠭᠠᠨ᠎ᠠ᠃
29 ᠬᠦᠴᠦᠷᠬᠡᠶᠢᠯᠡᠭᠴᠢ ᠬᠥᠷᠰᠢ ᠪᠠᠨ ᠥᠳᠥᠭᠡᠵᠦ ᠰᠠᠢᠨ ᠦᠭᠡᠢ ᠵᠠᠮ ᠢᠶᠠᠷ ᠠᠯᠬᠤᠭᠤᠯᠤᠨ᠎ᠠ᠃
30 ᠨᠢᠳᠦ ᠪᠡᠨ ᠢᠷᠮᠡᠭᠴᠢ ᠨᠢ ᠪᠠᠴᠢᠲᠤ ᠶᠠᠭᠤᠮᠠᠰ ᠢ ᠰᠡᠳᠦᠨ ᠰᠢᠳᠦ ᠪᠡᠨ ᠵᠠᠭᠤᠭᠴᠢ ᠨᠢ ᠬᠣᠷᠣᠨ ᠮᠠᠭᠤ ᠶᠢ ᠭᠦᠢᠴᠡᠭᠡᠳᠡᠭ᠃
31 ᠪᠤᠭᠤᠷᠤᠯ ᠲᠡᠷᠢᠭᠦᠨ ᠠᠯᠳᠠᠷ ᠤᠨ ᠲᠢᠲᠢᠮ ᠵᠥᠪᠲᠦ ᠵᠠᠮ ᠳᠤ ᠲᠡᠷᠡ ᠨᠢ ᠣᠯᠳᠠᠨ᠎ᠠ᠃
32 ᠠᠯᠭᠤᠷ ᠠᠭᠤᠷᠯᠠᠭᠴᠢ ᠨᠢ ᠪᠠᠭᠠᠲᠤᠷ ᠠᠴᠠ ᠳᠡᠭᠡᠷ᠎ᠡ ᠠᠭᠠᠰᠢ ᠪᠠᠨ ᠵᠠᠬᠢᠷᠤᠭᠴᠢ ᠨᠢ ᠬᠣᠲᠠ ᠡᠵᠡᠯᠡᠭᠴᠢ ᠡᠴᠡ ᠳᠡᠭᠡᠷ᠎ᠡ᠃
33 ᠰᠢᠪᠠᠭ᠎ᠠ ᠶᠢ ᠡᠪᠦᠷ ᠳᠡᠭᠡᠷ᠎ᠡ ᠪᠡᠨ ᠬᠠᠶᠠᠭᠰᠠᠨ ᠴᠤ ᠰᠢᠢᠳᠪᠦᠷᠢ ᠪᠣᠯᠭᠠᠨ ᠨᠢ ᠶᠣᠬᠣᠸᠠ ᠠᠴᠠ᠃