1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠭᠤᠴᠢ
 ᠶᠠᠺᠧ ᠶᠢᠨ ᠬᠥᠪᠡᠭᠦᠨ ᠠᠭᠦᠷ ᠦᠨ ᠵᠦᠢᠷ ᠮᠡᠷᠭᠡᠨ ᠦᠭᠡᠰ
1 ᠶᠠᠺᠧ ᠶᠢᠨ ᠬᠥᠪᠡᠭᠦᠨ ᠠᠭᠦᠷ ᠦᠨ ᠵᠦᠢᠷ ᠮᠡᠷᠭᠡᠨ ᠦᠭᠡᠰ᠄ ᠲᠡᠷᠡ ᠢᠲ᠋ᠢᠶᠧᠯ ᠳᠤ᠂ ᠣᠺᠠᠯ ᠢᠲ᠋ᠢᠶᠧᠯ ᠬᠣᠶᠠᠷ ᠲᠤ ᠶᠠᠷᠢᠪᠠ᠂
2 ᠪᠢ ᠬᠡᠨ ᠬᠥᠮᠦᠨ ᠡᠴᠡ ᠴᠤ ᠮᠤᠩ᠋ᠬᠠᠭ 29 ᠬᠥᠮᠦᠨ ᠦ ᠣᠶᠤᠨ ᠨᠠᠳᠠᠳᠤ ᠦᠭᠡᠢ᠂
3 ᠪᠢ ᠮᠡᠷᠭᠡᠨ ᠤᠬᠠᠭᠠᠨ ᠢ ᠰᠤᠷᠤᠭ᠎ᠠ ᠦᠭᠡᠢ ᠠᠷᠢᠭᠤᠨ ᠨᠢᠭᠡᠨ ᠦ ᠮᠡᠳᠡᠯᠭᠡ ᠶᠢ ᠮᠡᠳᠡᠳᠡᠭ ᠦᠭᠡᠢ᠃
4 ᠬᠡᠨ ᠲᠩᠷᠢ ᠳᠤ ᠣᠴᠢᠭᠠᠳ ᠪᠠᠭᠤᠵᠤ ᠢᠷᠡᠭᠰᠡᠨ ᠪᠤᠢ︖ ᠬᠡᠨ ᠰᠠᠯᠬᠢ ᠶᠢ ᠠᠳᠬᠤᠨ ᠳᠠᠭᠠᠨ ᠬᠤᠷᠢᠶᠠᠭᠰᠠᠨ ᠶᠤᠮ ᠪᠤᠢ︖ ᠬᠡᠨ ᠤᠰᠤ ᠶᠢ ᠳᠡᠪᠡᠯ ᠳᠡᠭᠡᠨ ᠪᠣᠭᠣᠭᠰᠠᠨ ᠶᠤᠮ ᠪᠤᠢ︖ ᠬᠡᠨ ᠳᠡᠯᠡᠬᠡᠢ ᠶᠢᠨ ᠬᠠᠮᠤᠭ ᠬᠢᠵᠠᠭᠠᠷ ᠢ ᠲᠣᠭᠲᠠᠭᠠᠭᠰᠠᠨ ᠶᠤᠮ ᠪᠤᠢ︖ ᠲᠡᠭᠦᠨ ᠦ ᠨᠡᠷ᠎ᠡ ᠬᠡᠨ᠂ ᠬᠦᠦ ᠶᠢᠨ ᠬᠢᠨᠢ ᠨᠡᠷ᠎ᠡ ᠬᠡᠨ ᠪᠤᠢ︖ ᠲᠡᠭᠦᠨ ᠢ ᠴᠢ ᠲᠠᠨᠢᠬᠤ ᠤᠤ︖

5 ᠪᠤᠷᠬᠠᠨ ᠤ ᠦᠭᠡ ᠪᠦᠷᠢ ᠨᠢ ᠲᠤᠩ᠋ᠭᠠᠭᠳᠠᠭᠰᠠᠨ ᠪᠠᠢᠳᠠᠭ ᠲᠡᠷᠡ ᠪᠡᠷ ᠥᠪᠡᠷ ᠲᠤᠨᠢ ᠬᠣᠷᠭᠣᠳᠠᠭᠰᠠᠳ ᠲᠤ ᠪᠠᠮᠪᠠᠢ ᠠᠵᠢ᠂
6 ᠲᠡᠭᠦᠨ ᠦ ᠦᠭᠡᠨ ᠳᠡᠭᠡᠷ᠎ᠡ ᠪᠦᠦ ᠨᠡᠮᠡ ᠲᠡᠷᠡ ᠴᠢᠮᠠᠶᠢ ᠵᠢᠮᠡᠯᠡᠵᠦ᠂ ᠴᠢ ᠬᠤᠳᠠᠯᠴᠢ ᠪᠣᠯᠬᠤ ᠪᠤᠢ᠃

7 ᠲᠠᠨ ᠠᠴᠠ ᠪᠢ ᠬᠣᠶᠠᠷ ᠵᠦᠢᠯ ᠢ ᠭᠤᠶᠤᠶ᠎ᠠ ᠡᠳᠡᠭᠡᠷ ᠢ ᠦᠬᠦᠨ ᠦᠬᠦᠲᠡᠯ᠎ᠡ ᠮᠢᠨᠢ ᠨᠠᠳᠠ ᠳᠤ ᠵᠥᠪᠰᠢᠶᠡᠷᠡᠭᠡᠴᠢ᠂
8 ᠬᠤᠳᠠᠯ ᠬᠠᠭᠤᠷᠮᠠᠭ ᠢ ᠨᠠᠳᠠ ᠠᠴᠠ ᠬᠣᠯᠠᠳᠠᠭᠤᠯᠤᠭᠴᠢ ᠬᠣᠭᠣᠰᠣᠨ᠂ ᠪᠠᠶᠠᠨ ᠤ ᠠᠯᠢ ᠶᠢ ᠨᠢ ᠴᠤ ᠪᠦᠦ ᠪᠠᠢᠯᠭᠠᠭᠠᠴᠢ ᠬᠤᠪᠢ ᠮᠢᠨᠢ ᠪᠣᠯᠬᠤ ᠬᠦᠨᠡᠰᠦ ᠪᠡᠷ ᠨᠠᠮᠠᠶᠢ ᠬᠠᠩ᠋ᠭᠠᠭᠠᠴᠢ
9 ᠪᠢ ᠴᠠᠳᠤᠭᠠᠳ 《ᠶᠣᠬᠣᠸᠠ ᠭᠡᠵᠦ ᠬᠡᠨ ᠶᠤᠮ ᠪᠤᠢ︖》 ᠭᠡᠵᠦ ᠲᠠᠨ ᠢ ᠮᠡᠯᠵᠢᠬᠦ ᠪᠤᠢ ᠡᠰᠡ ᠪᠥᠭᠡᠰᠦ ᠭᠠᠴᠢᠭᠳᠠᠭᠠᠳ ᠬᠤᠯᠠᠭᠠᠢ ᠬᠢᠵᠦ ᠪᠤᠷᠬᠠᠨ ᠤ ᠪᠠᠨ ᠨᠡᠷ᠎ᠡ ᠶᠢ ᠪᠤᠵᠠᠷᠯᠠᠬᠤ ᠪᠤᠢ᠃

10 ᠵᠠᠷᠤᠴᠠ ᠶᠢ ᠡᠵᠡᠨ ᠦ ᠬᠢᠨᠢ ᠡᠮᠦᠨ᠎ᠡ ᠪᠢᠲᠡᠭᠡᠢ ᠮᠠᠭᠤᠯᠠ ᠡᠰᠡ ᠪᠥᠭᠡᠰᠦ ᠲᠡᠷᠡ ᠴᠢᠮᠠᠶᠢ ᠬᠠᠷᠢᠶᠠᠵᠤ᠂ ᠴᠢ ᠪᠤᠷᠤᠭᠤ ᠲᠠᠢ ᠭᠡᠭᠳᠡᠬᠦ ᠪᠤᠢ᠃

11 ᠡᠴᠢᠭᠡ ᠪᠡᠨ ᠬᠠᠷᠢᠶᠠᠵᠤ ᠡᠬᠡ ᠪᠡᠨ ᠡᠰᠡ ᠢᠷᠥᠭᠡᠬᠦ ᠦᠶ᠎ᠡ ᠶᠢᠨ ᠬᠢᠨ
12 ᠪᠤᠵᠠᠷ ᠢᠶᠠᠨ ᠤᠬᠢᠶᠠᠯ ᠦᠭᠡᠢ ᠪᠠᠷ ᠥᠪᠡᠷ ᠢ ᠪᠠᠨ ᠴᠡᠪᠡᠷ ᠭᠡᠵᠦ ᠦᠵᠡᠳᠡᠭ ᠦᠶ᠎ᠡ ᠶᠢᠨ ᠬᠢᠨ
13 ᠬᠠᠷᠠᠭ᠎ᠠ ᠳᠡᠭᠡᠭᠦᠷ᠂ ᠬᠠᠷᠠᠴᠠ ᠶᠡᠬᠡᠮᠰᠦᠭ ᠦᠶ᠎ᠡ ᠶᠢᠨ ᠬᠢᠨ
14 ᠭᠠᠵᠠᠷ ᠠᠴᠠ ᠶᠠᠳᠠᠭᠤᠰ ᠢ ᠬᠥᠮᠦᠨ ᠦ ᠳᠤᠮᠳᠠ ᠠᠴᠠ ᠭᠠᠴᠢᠭᠳᠠᠭᠰᠠᠳ ᠢ ᠵᠠᠯᠭᠢᠬᠤ ᠢᠯᠳᠦ ᠮᠡᠲᠦ ᠰᠢᠳᠦᠲᠡᠢ᠂ ᠬᠢᠲᠤᠭ᠎ᠠ ᠰᠢᠭ᠋ ᠠᠷᠠᠭ᠎ᠠ ᠲᠠᠢ ᠦᠶ᠎ᠡ ᠶᠢᠨ ᠬᠢᠨ ᠴᠤ ᠪᠤᠢ᠃

15 ᠬᠤᠪᠠᠯᠵᠠ ᠶᠢᠨ ᠬᠣᠶᠠᠷ ᠥᠬᠢᠨ — 《ᠠᠯᠢ᠂ ᠠᠯᠢ》 ᠭᠡᠳᠡᠭ᠂ ᠬᠠᠨᠤᠬᠤ ᠪᠠᠨ ᠮᠡᠳᠡᠳᠡᠭ ᠦᠭᠡᠢ ᠭᠤᠷᠪᠠ 《ᠬᠠᠩ᠋ᠭᠠᠯᠲᠠᠲᠠᠢ》 ᠭᠡᠳᠡᠭ ᠦᠭᠡᠢ ᠳᠥᠷᠪᠡ᠃
16 ᠦᠬᠦᠭᠰᠡᠳ ᠦᠨ ᠣᠷᠣᠨ ᠦᠷ᠎ᠡ ᠦᠭᠡᠢ ᠬᠡᠪᠡᠯᠢ ᠤᠰᠤ ᠤᠤᠭᠤᠵᠤ ᠬᠠᠨᠤᠳᠠᠭ ᠦᠭᠡᠢ ᠭᠠᠵᠠᠷ 《ᠬᠠᠩ᠋ᠭᠠᠯᠲᠠᠲᠠᠢ》 ᠭᠡᠳᠡᠭ ᠦᠭᠡᠢ ᠲᠦᠢᠮᠡᠷ
17 ᠡᠴᠢᠭᠡ ᠪᠡᠨ ᠪᠠᠰᠤᠮᠵᠢᠯᠠᠭᠴᠢ ᠡᠬᠡ ᠳᠡᠭᠡᠨ ᠳᠤᠭᠤᠯᠭᠠᠪᠤᠷᠢᠲᠠᠢ ᠪᠠᠢᠬᠤ ᠶᠢ ᠵᠢᠪᠡᠭᠦᠴᠡᠭᠴᠢ ᠶᠢᠨ ᠨᠢᠳᠦ ᠬᠣᠩ ᠬᠡᠷᠢᠶ᠎ᠡ ᠳᠦ ᠲᠣᠩᠰᠢᠭᠤᠯᠵᠤ᠂ ᠵᠠᠯᠠᠭᠤ ᠲᠠᠰ ᠲᠤ ᠢᠳᠡᠭᠦᠯᠦᠨ᠎ᠡ᠃

18 ᠮᠢᠨᠦ ᠮᠡᠯ ᠭᠠᠢᠬᠠᠳᠠᠭ ᠭᠤᠷᠪᠠᠨ ᠵᠦᠢᠯ ᠮᠢᠨᠦ ᠣᠢᠯᠠᠭᠠᠰᠢ ᠦᠭᠡᠢ ᠳᠥᠷᠪᠡ ᠨᠢ᠄
19 ᠣᠭᠲᠠᠷᠭᠤᠢ ᠳᠠᠬᠢ ᠪᠦᠷᠭᠦᠳ ᠦᠨ ᠵᠠᠮ ᠬᠠᠳᠠᠨ ᠳᠡᠭᠡᠷᠡᠬᠢ ᠮᠣᠭᠠᠢ ᠶᠢᠨ ᠵᠠᠮ ᠳᠠᠯᠠᠢ ᠶᠢᠨ ᠵᠢᠷᠦᠬᠡᠨ ᠳᠠᠬᠢ ᠣᠩ᠋ᠭᠣᠴᠠᠨ ᠤ ᠵᠠᠮ ᠵᠠᠯᠠᠭᠤ ᠥᠬᠢᠨ ᠲᠠᠢ ᠬᠠᠮᠲᠤ ᠪᠠᠢᠭᠰᠠᠨ ᠡᠷ᠎ᠡ ᠶᠢᠨ ᠵᠠᠮ᠃

20 ᠵᠠᠪᠬᠠᠢ ᠡᠮ᠎ᠡ ᠶᠢᠨ ᠵᠠᠮ ᠴᠤ ᠡᠢᠮᠦ᠄ ᠬᠣᠭᠣᠯᠠ ᠢᠳᠡᠵᠦ᠂ ᠠᠮᠠ ᠪᠠᠨ ᠠᠷᠴᠢᠭᠠᠳ 《ᠪᠢ ᠪᠤᠷᠤᠭᠤ ᠬᠢᠭᠡ ᠦᠭᠡᠢ》 ᠭᠡᠨ᠎ᠡ᠃

21 ᠳᠡᠯᠡᠬᠡᠢ ᠶᠢ ᠳᠣᠷᠭᠢᠭᠤᠯᠤᠮ᠎ᠠ ᠭᠤᠷᠪᠠ ᠳᠡᠭᠡᠷ᠎ᠡ ᠨᠢ ᠴᠤ ᠳᠠᠭᠠᠭᠠᠭᠳᠠᠮ᠎ᠠ ᠦᠭᠡᠢ ᠳᠥᠷᠪᠡ
22 ᠪᠣᠭᠣᠯ ᠬᠠᠭᠠᠨ ᠪᠣᠯᠬᠤ ᠮᠤᠩ᠋ᠬᠠᠭ ᠬᠣᠭᠣᠯᠠᠨ ᠳᠤ ᠴᠠᠳᠬᠤ
23 ᠰᠢᠪᠰᠢᠭ ᠲᠠᠢ ᠡᠮ᠎ᠡ ᠡᠷ᠎ᠡ ᠳᠦ ᠣᠴᠢᠬᠤ ᠰᠢᠪᠡᠭᠴᠢᠨ ᠡᠮ᠎ᠡ ᠡᠵᠡᠭᠲᠡᠢ ᠪᠡᠨ ᠣᠷᠣᠯᠠᠬᠤ᠃

24 ᠡᠨᠡ ᠬᠣᠷᠸ᠎ᠠ ᠳᠤ ᠥᠴᠦᠬᠡᠨ ᠠᠲᠠᠯ᠎ᠠ ᠪᠠᠨ ᠦᠨᠡᠬᠡᠷ ᠦᠨ ᠮᠡᠷᠭᠡᠨ ᠳᠥᠷᠪᠡ ᠪᠠᠢᠳᠠᠭ
25 ᠬᠦᠴᠦᠲᠡᠢ ᠪᠢᠰᠢ ᠪᠣᠯᠪᠠᠴᠤ ᠬᠣᠭᠣᠯᠠ ᠬᠦᠨᠡᠰᠦ ᠪᠡᠨ ᠵᠤᠨ ᠢᠶᠠᠷ ᠪᠠᠵᠠᠭᠠᠳᠠᠭ ᠰᠢᠷᠭᠤᠯᠵᠢ
26 ᠪᠢᠷ᠎ᠠ ᠦᠭᠡᠢ ᠴᠤ ᠬᠠᠳᠠᠨ ᠳᠤ ᠡᠭᠦᠷ ᠢᠶᠡᠨ ᠪᠠᠷᠢᠳᠠᠭ ᠦᠬᠡᠷ ᠣᠭᠳᠣᠢ
27 ᠬᠠᠭᠠᠨ ᠦᠭᠡᠢ ᠠᠲᠠᠯ᠎ᠠ ᠪᠠᠨ ᠪᠦᠭᠦᠳᠡᠭᠡᠷ ᠢᠶᠡᠨ ᠬᠠᠴᠢᠨ ᠳᠢᠭ ᠲᠠᠢ ᠳᠡᠪᠰᠢᠵᠦ ᠶᠠᠪᠤᠳᠠᠭ ᠴᠠᠷᠴᠠᠬᠠᠢ
28 ᠬᠡᠳᠦᠢᠪᠡᠷ ᠭᠠᠷ ᠲᠤ ᠪᠠᠷᠢᠭᠳᠠᠮᠠᠷ ᠴᠤ ᠬᠠᠭᠠᠨ ᠤ ᠣᠷᠳᠣᠨ ᠳᠤ ᠪᠠᠢᠳᠠᠭ ᠭᠦᠷᠪᠡᠯ᠃

29 ᠠᠯᠬᠤᠭ᠎ᠠ ᠰᠦᠷᠯᠢᠭ ᠭᠤᠷᠪᠠ᠂ ᠭᠢᠰᠬᠢᠭᠡ ᠰᠦᠷ ᠲᠡᠢ ᠳᠥᠷᠪᠡ᠄
30 ᠠᠷᠢᠶᠠᠲᠠᠨ ᠤ ᠳᠤᠮᠳᠠ ᠠᠴᠠ ᠬᠦᠴᠦᠷᠬᠡᠭ ᠠᠯᠢᠪᠠ ᠪᠦᠬᠦᠨ ᠡᠴᠡ ᠤᠬᠤᠷᠢᠬᠤ ᠦᠭᠡᠢ ᠠᠷᠰᠯᠠᠨ
31 ᠡᠷᠡᠭᠴᠢᠨ ᠲᠠᠬᠢᠶ᠎ᠠ ᠬᠢᠭᠡᠳ ᠤᠬᠤᠨ᠎ᠠ ᠠᠯᠪᠠᠨ ᠴᠡᠷᠢᠭ ᠲᠠᠢ ᠪᠠᠨ ᠬᠠᠮᠲᠤ ᠪᠤᠢ ᠬᠠᠭᠠᠨ᠃
32 ᠴᠢ ᠥᠪᠡᠷ ᠢ ᠪᠠᠨ ᠡᠷᠭᠦᠮᠵᠢᠯᠡᠵᠦ ᠮᠤᠩ᠋ᠬᠠᠭᠯᠠᠭᠰᠠᠨ ᠪᠣᠯ ᠬᠣᠷᠣᠨ ᠮᠠᠭᠤ ᠶᠢ ᠰᠡᠳᠦᠭᠰᠡᠨ ᠪᠣᠯ ᠭᠠᠷ ᠢᠶᠠᠨ ᠠᠮᠠᠨ ᠳᠡᠭᠡᠷ᠎ᠡ ᠪᠡᠨ ᠲᠠᠯᠪᠢ᠃
33 ᠰᠦ᠋ ᠶᠢ ᠰᠢᠬᠠᠪᠠᠯ ᠲᠣᠰᠣ ᠭᠠᠷᠬᠤ ᠬᠠᠮᠠᠷ ᠢ ᠰᠢᠬᠠᠪᠠᠯ ᠴᠢᠰᠤ ᠭᠠᠷᠬᠤ ᠠᠭᠤᠷ ᠢ ᠰᠢᠬᠠᠪᠠᠯ ᠬᠡᠷᠡᠭᠦᠯ ᠭᠠᠷᠬᠤ᠃