1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠠᠷᠪᠠᠨ ᠨᠠᠢ᠌ᠮᠠ
1 ᠬᠠᠵᠢᠭ ᠬᠥᠮᠦᠨ ᠥᠪᠡᠷ ᠦᠨ ᠢᠶᠠᠨ ᠬᠦᠰᠡᠯ ᠢ ᠯᠠ ᠬᠠᠢᠵᠤ ᠬᠠᠮᠤᠭ ᠴᠡᠴᠡᠨ ᠤᠬᠠᠭᠠᠨ ᠢ ᠵᠢᠭ᠍ᠰᠢᠨ᠎ᠡ᠃
2 ᠮᠤᠩ᠋ᠬᠠᠭ ᠨᠢ ᠤᠬᠠᠭᠠᠷᠠᠯ ᠳᠤ ᠳᠤᠷ᠎ᠠ ᠦᠭᠡᠢ ᠥᠪᠡᠷ ᠦᠨ ᠢᠶᠠᠨ ᠪᠣᠳᠣᠯ ᠢ ᠢᠯᠡᠷᠬᠡᠶᠢᠯᠡᠬᠦ ᠳᠤᠷᠠᠲᠠᠢ᠃
3 ᠪᠤᠷᠤᠭᠤᠲᠠᠨ ᠢᠷᠡᠬᠦ ᠳᠦ ᠪᠠᠰᠤᠮᠵᠢᠯᠠᠯ ᠢᠷᠡᠨ᠎ᠡ ᠰᠢᠪᠰᠢᠭ ᠢᠷᠡᠬᠦ ᠳᠦ ᠢᠴᠢᠭᠦᠷᠢ ᠢᠷᠡᠨ᠎ᠡ᠃
4 ᠬᠥᠮᠦᠨ ᠦ ᠠᠮᠠᠨ ᠳᠠᠬᠢ ᠦᠭᠡᠰ ᠭᠦᠨ ᠦ ᠤᠰᠤ ᠪᠠᠢᠭ ᠮᠡᠷᠭᠡᠨ ᠤᠬᠠᠭᠠᠨ ᠤ ᠤᠨᠳᠤᠷᠤᠭ᠎ᠠ ᠨᠢ ᠣᠷᠭᠢᠯᠬᠤ ᠪᠤᠯᠠᠭ᠃
5 ᠰᠢᠭᠦᠯᠲᠡ ᠳᠡᠭᠡᠷ᠎ᠡ ᠪᠤᠷᠤᠭᠤᠲᠠᠨ ᠢ ᠬᠡᠯᠲᠦᠷᠢᠭᠦᠯᠵᠦ ᠵᠥᠪᠲᠡᠨ ᠢ ᠬᠢᠯᠢᠰᠳᠡᠭᠦᠯᠬᠦ ᠨᠢ ᠰᠠᠢᠨ ᠪᠢᠰᠢ᠃
6 ᠮᠤᠩ᠋ᠬᠠᠭ ᠨᠢ ᠣᠷᠣᠭᠤᠯ ᠢᠶᠠᠷ ᠢᠶᠠᠨ ᠬᠡᠷᠡᠭᠦᠯ ᠥᠳᠥᠭᠡᠵᠦ ᠠᠮᠠ ᠪᠠᠷ ᠢᠶᠠᠨ ᠲᠠᠰᠢᠭᠤᠷ ᠳᠠᠭᠤᠳᠠᠨ᠎ᠠ᠃
7 ᠮᠤᠩ᠋ᠬᠠᠭ ᠤᠨ ᠣᠷᠣᠭᠤᠯ ᠥᠪᠡᠷ ᠦᠨ ᠬᠢᠨᠢ ᠰᠦᠢᠷᠡᠯ ᠠᠮᠠ ᠨᠢ ᠥᠪᠡᠷ ᠦᠨ ᠬᠢᠨᠢ ᠤᠷᠠᠬ᠎ᠠ᠃
8 ᠬᠣᠪᠴᠢ ᠬᠥᠮᠦᠨ ᠦ ᠦᠭᠡ ᠪᠤᠷᠠᠮ ᠮᠡᠲᠦ ᠪᠡᠶ᠎ᠡ ᠳᠣᠲᠣᠷ᠎ᠠ ᠭᠦᠨ ᠣᠷᠣᠳᠠᠭ᠃
9 ᠥᠪᠡᠷ ᠦᠨ ᠢᠶᠠᠨ ᠠᠵᠢᠯ ᠳᠤ ᠬᠠᠰᠢ ᠶᠠᠰᠢ ᠬᠥᠮᠦᠨ ᠰᠦᠢᠳᠬᠡᠭᠴᠢ ᠶᠢᠨ ᠠᠬᠠᠨ ᠳᠡᠭᠦᠦ᠃
10 ᠶᠣᠬᠣᠸᠠ ᠶᠢᠨ ᠨᠡᠷ᠎ᠡ ᠪᠣᠯ ᠪᠠᠲᠤ ᠴᠠᠮᠬᠠᠭ ᠵᠥᠪᠲᠡᠨ ᠲᠡᠰᠢ ᠭᠦᠶᠦᠵᠦ ᠠᠶᠤᠯ ᠦᠭᠡᠢ ᠪᠣᠯᠣᠨ᠎ᠠ᠃
11 ᠪᠠᠶᠠᠨ ᠤ ᠬᠥᠷᠥᠩᠭᠡ ᠥᠪᠡᠷ ᠦᠨ ᠬᠢᠨᠢ ᠪᠡᠬᠢᠯᠡᠯᠲᠡᠲᠦ ᠬᠣᠲᠠ ᠪᠣᠳᠣᠯ ᠳᠤᠨᠢ ᠥᠨᠳᠥᠷ ᠬᠡᠷᠡᠮ ᠮᠡᠲᠦ᠃
12 ᠰᠦᠢᠷᠡᠯ ᠦᠨ ᠡᠮᠦᠨ᠎ᠡ ᠪᠠᠷᠳᠠᠮ ᠵᠠᠩ ᠠᠯᠳᠠᠷ ᠤᠨ ᠡᠮᠦᠨ᠎ᠡ ᠳᠠᠷᠤᠤ ᠵᠠᠩ᠃
13 ᠰᠣᠨᠣᠰᠬᠤ ᠶᠢᠨ ᠡᠮᠦᠨ᠎ᠡ ᠬᠠᠷᠢᠭᠤᠯᠤᠭᠴᠢ ᠨᠢ ᠮᠤᠩ᠋ᠬᠠᠭ ᠪᠥᠭᠡᠳ ᠰᠢᠪᠰᠢᠭ᠃
14 ᠤᠷᠮ᠎ᠠ ᠲᠠᠢ ᠬᠥᠮᠦᠨ ᠡᠪᠡᠳᠴᠢᠨ ᠢᠶᠠᠨ ᠲᠡᠰᠪᠦᠷᠢᠯᠡᠨ᠎ᠡ ᠤᠷᠮ᠎ᠠ ᠬᠤᠭᠤᠷᠠᠪᠠᠯ ᠬᠡᠨ ᠳᠠᠭᠠᠭᠠᠵᠤ ᠴᠢᠳᠠᠬᠤ ᠪᠢᠯᠡ︖
15 ᠤᠬᠠᠭᠠᠨᠲᠤ ᠵᠢᠷᠦᠬᠡ ᠡᠷᠳᠡᠮ ᠢ ᠣᠯᠣᠨ᠎ᠠ ᠮᠡᠷᠭᠡᠨ ᠰᠣᠨᠣᠷ ᠮᠡᠳᠡᠯᠭᠡ ᠶᠢ ᠡᠷᠢᠨ᠎ᠡ᠃
16 ᠪᠡᠯᠡᠭ ᠨᠢ ᠬᠥᠮᠦᠨ ᠳᠦ ᠵᠠᠮ ᠢ ᠨᠢ ᠨᠡᠭᠡᠭᠡᠵᠦ ᠠᠭᠤᠤ ᠬᠥᠮᠦᠰ ᠦᠨ ᠡᠮᠦᠨ᠎ᠡ ᠬᠦᠷᠭᠡᠨ᠎ᠡ᠃
17 ᠲᠦᠷᠦᠭᠦᠯᠡᠨ ᠵᠠᠭᠠᠯᠳᠤᠭᠴᠢ ᠨᠢ ᠵᠥᠪ ᠮᠡᠲᠦ ᠬᠠᠷᠠᠭᠳᠠᠪᠠᠴᠤ ᠳᠠᠷᠠᠭ᠎ᠠ ᠬᠥᠮᠦᠨ ᠢᠷᠡᠭᠡᠳ ᠰᠢᠯᠭᠠᠬᠤ ᠶᠣᠰᠣᠲᠠᠢ᠃
18 ᠰᠢᠪᠠᠭ᠎ᠠ ᠬᠠᠶᠠᠬᠤ ᠨᠢ ᠮᠠᠷᠭᠤᠭᠠᠨ ᠢ ᠵᠣᠭᠰᠣᠭᠠᠨ ᠳᠠᠢᠴᠢᠳ ᠤᠨ ᠬᠣᠭᠣᠷᠣᠨᠳᠣᠬᠢ ᠶᠢ ᠴᠤ ᠰᠢᠢᠳᠦᠨ᠎ᠡ᠃
19 ᠭᠣᠮᠣᠳᠠᠭᠰᠠᠨ ᠠᠬ᠎ᠠ ᠳᠡᠭᠦᠦ ᠨᠢ ᠪᠡᠬᠢᠯᠡᠭᠰᠡᠨ ᠬᠣᠲᠠ ᠠᠴᠠ ᠪᠡᠷᠬᠡ ᠬᠡᠷᠡᠭᠦᠯ ᠨᠢ ᠴᠠᠢᠵᠠ ᠶᠢᠨ ᠬᠠᠭᠠᠯᠲᠠ ᠮᠡᠲᠦ᠃
20 ᠬᠥᠮᠦᠨ ᠠᠮᠠᠨ ᠤ ᠪᠠᠨ ᠦᠭᠡ ᠪᠡᠷ ᠭᠡᠳᠡᠰᠦ ᠪᠡᠨ ᠳᠦᠭᠦᠷᠭᠡᠵᠦ ᠣᠷᠣᠭᠤᠯ ᠤᠨ ᠢᠶᠠᠨ ᠨᠥᠭᠡᠴᠡ ᠪᠡᠷ ᠬᠠᠨᠤᠨ᠎ᠠ᠃
21 ᠬᠡᠯᠡᠨ ᠳᠦ ᠠᠮᠢ ᠪᠠ ᠦᠬᠦᠯ ᠦᠨ ᠮᠡᠳᠡᠯ ᠪᠤᠢ ᠡᠭᠦᠨ ᠢ ᠬᠠᠢᠷᠠᠯᠠᠭᠴᠢ ᠦᠷ᠎ᠡ ᠵᠢᠮᠢᠰ ᠢ ᠨᠢ ᠠᠮᠰᠠᠨ᠎ᠠ᠂
22 ᠡᠬᠡᠨᠡᠷ ᠣᠯᠣᠭᠴᠢ ᠨᠢ ᠰᠠᠢᠨ ᠢ ᠣᠯᠣᠭᠰᠠᠨ ᠶᠣᠬᠣᠸᠠ ᠶᠢᠨ ᠲᠠᠭᠠᠯᠠᠯ ᠢ ᠬᠦᠷᠲᠡᠭᠰᠡᠨ᠃
23 ᠶᠠᠳᠠᠭᠤ ᠨᠢ ᠲᠠᠭᠠᠯᠠᠯ ᠭᠤᠶᠤᠬᠤ ᠳᠤ ᠪᠠᠶᠠᠨ ᠨᠢ ᠰᠢᠷᠦᠭᠦᠨ ᠢᠶᠡᠷ ᠬᠠᠷᠢᠭᠤᠯᠤᠨ᠎ᠠ᠃
24 ᠰᠦᠢᠷᠡᠭᠦᠯᠦᠭᠴᠢ ᠨᠠᠢᠵᠠ ᠨᠠᠷ ᠪᠠᠢᠳᠠᠭ ᠴᠤ ᠠᠬ᠎ᠠ ᠳᠡᠭᠦᠦᠰ ᠡᠴᠡ ᠳᠣᠲᠣᠨᠣ ᠨᠠᠢᠵᠠ ᠴᠤ ᠪᠠᠢᠳᠠᠭ᠃