ᠵᠦᠢᠷ ᠮᠡᠷᠭᠡᠨ ᠦᠭᠡᠰ ᠳᠣᠯᠣᠭ᠎ᠠ
ᠵᠠᠪᠬᠠᠢ ᠡᠮ᠎ᠡ ᠡᠴᠡ ᠵᠠᠢᠯᠠ
1 ᠬᠦᠦ ᠮᠢᠨᠢ᠂ ᠦᠭᠡ ᠶᠢ ᠮᠢᠨᠢ ᠰᠠᠬᠢ ᠲᠤᠰᠢᠶᠠᠯ ᠢ ᠮᠢᠨᠢ ᠥᠪᠡᠷ ᠲᠡᠭᠡᠨ ᠬᠠᠳᠠᠭᠠᠯᠠ᠂
2 ᠲᠤᠰᠢᠶᠠᠯ ᠢ ᠮᠢᠨᠢ ᠰᠠᠬᠢᠵᠤ ᠠᠮᠢᠳᠤᠷᠠ ᠵᠢᠭᠠᠪᠤᠷᠢ ᠶᠢ ᠮᠢᠨᠢ ᠨᠢᠳᠦᠨ ᠦ ᠪᠠᠨ ᠴᠡᠴᠡᠭᠡᠢ ᠮᠡᠲᠦ ᠬᠠᠮᠠᠭᠠᠯᠠ
3 ᠡᠳᠡᠭᠡᠷ ᠢ ᠬᠤᠷᠤᠭᠤᠨ ᠳᠠᠭᠠᠨ ᠤᠶᠠᠵᠤ ᠵᠢᠷᠦᠬᠡᠨ ᠰᠠᠮᠪᠠᠷ᠎ᠠ ᠳᠠᠭᠠᠨ ᠪᠢᠴᠢ᠃
4 ᠮᠡᠷᠭᠡᠨ ᠤᠬᠠᠭᠠᠨ ᠢ ᠴᠢ 《ᠮᠢᠨᠦ ᠡᠭᠡᠴᠢ》 ᠬᠡᠮᠡᠨ ᠣᠶᠤᠨ ᠤᠬᠠᠭᠠᠨ ᠢ ᠪᠠᠰᠠ ᠣᠢᠷ᠎ᠠ ᠲᠥᠷᠥᠯ ᠭᠡᠵᠦ ᠳᠠᠭᠤᠳᠠ᠂
5 ᠰᠠᠳᠤᠷ ᠡᠮ᠎ᠡ᠂ ᠵᠢᠰᠤᠷ ᠦᠭᠡ ᠲᠠᠢ ᠬᠠᠷᠢ ᠡᠮ᠎ᠡ ᠡᠴᠡ ᠲᠡᠳᠡ ᠴᠢᠮᠠᠶᠢ ᠬᠠᠮᠠᠭᠠᠯᠠᠨ᠎ᠠ᠃
6 ᠣᠷᠣᠨ ᠭᠡᠷ ᠦᠨ ᠢᠶᠠᠨ ᠴᠣᠩ᠋ᠬᠣ ᠪᠠᠷ᠂ ᠰᠠᠷᠠᠯᠵᠢᠲᠤ ᠴᠣᠩ᠋ᠬᠣ ᠪᠠᠷ ᠱᠠᠭᠠᠢᠲᠠᠯᠠ
7 ᠤᠤᠯ ᠬᠡᠨᠡᠭᠡᠨ ᠵᠠᠯᠠᠭᠤᠰ ᠢ ᠪᠢ ᠬᠠᠷᠠᠯ᠎ᠠ᠂ ᠵᠠᠯᠠᠭᠤᠰ ᠤᠨ ᠳᠤᠮᠳᠠᠬᠢ ᠤᠬᠠᠭᠠᠨ ᠳᠤᠯᠢᠮᠠᠭ ᠨᠢᠭᠡ ᠶᠢ ᠨᠢ ᠠᠵᠢᠭᠯᠠᠵᠤ ᠪᠠᠢᠯ᠎ᠠ᠂
8 ᠲᠡᠭᠡᠲᠡᠯ᠎ᠡ ᠥᠨᠥᠬᠢ ᠴᠢᠨᠢ ᠬᠠᠵᠠᠭᠤ ᠶᠢᠨ ᠭᠤᠳᠤᠮᠵᠢ ᠶᠢ ᠣᠭᠲᠣᠯᠵᠤ ᠲᠡᠷᠡ ᠡᠮ᠎ᠡ ᠶᠢᠨ ᠪᠠᠢᠷᠢ ᠶᠢ ᠵᠣᠷᠢᠵᠤ ᠪᠠᠢᠪᠠ
9 ᠬᠠᠷ᠎ᠠ ᠪᠦᠷᠦᠢ ᠦᠳᠡᠰᠢ ᠪᠠᠷ ᠬᠠᠷᠠᠩ᠋ᠭᠤᠢ ᠰᠥᠨᠢ ᠳᠤᠮᠳᠠ
10 ᠶᠠᠩ᠋ᠬᠠᠨ ᠰᠢᠭ᠋ ᠬᠤᠪᠴᠠᠰᠤᠯᠠᠭᠰᠠᠨ ᠶᠠᠩᠵᠤ ᠶᠢᠨ ᠵᠠᠯᠢ ᠲᠠᠢ ᠥᠨᠥᠬᠢ ᠡᠮ᠎ᠡ ᠬᠠᠷ᠎ᠠ᠂ ᠥᠭᠡᠳᠡ ᠡᠴᠡ ᠨᠢ ᠲᠣᠰᠣᠭᠠᠳ ᠭᠠᠷᠴᠤ ᠢᠷᠡᠯ᠎ᠡ
11 ᠣᠷᠢᠯᠠᠭ᠎ᠠ ᠪᠥᠭᠡᠳ ᠤᠪᠯᠢᠭᠠ ᠦᠭᠡᠢ 7 ᠲᠡᠷᠡ ᠣᠷᠣᠨ ᠭᠡᠷ ᠲᠡᠭᠡᠨ ᠬᠥᠯ ᠲᠣᠭᠲᠠᠬᠤ ᠦᠭᠡᠢ
12 ᠬᠠᠶᠠ ᠭᠤᠳᠤᠮᠵᠢᠨ ᠳᠤ᠂ ᠬᠠᠶᠠ ᠲᠠᠯᠠᠪᠠᠢ ᠳᠤ᠂ ᠪᠤᠯᠤᠩ ᠪᠣᠯᠭᠠᠨ ᠳᠤ ᠳᠠᠯᠳᠠᠯᠠᠨ ᠬᠦᠯᠢᠶᠡᠨ᠎ᠡ᠃
13 ᠲᠡᠷᠡ ᠪᠡᠷ ᠵᠠᠯᠠᠭᠤ ᠠᠴᠠ ᠵᠢᠭᠤᠷᠠᠵᠤ᠂ ᠲᠡᠭᠡᠭᠡᠳ ᠲᠡᠭᠦᠨ ᠢ ᠦᠨᠦᠰᠴᠦ ᠢᠴᠢᠬᠦ ᠨᠢᠭᠤᠷ ᠦᠭᠡᠢ᠂ ᠡᠢᠨ ᠬᠦ ᠲᠡᠭᠦᠨ ᠳᠦ ᠬᠡᠯᠡᠪᠡ᠄
14 《ᠡᠪ ᠦᠨ ᠲᠠᠬᠢᠯ ᠢ ᠪᠢ ᠡᠷᠭᠦᠬᠦ ᠶᠣᠰᠣᠲᠠᠢ ᠪᠠᠢᠭᠰᠠᠨ ᠥᠨᠥᠳᠥᠷ ᠪᠢ ᠲᠠᠩ᠋ᠭᠠᠷᠢᠭ ᠢᠶᠠᠨ ᠰᠠᠬᠢᠯᠠ
15 ᠢᠩᠭᠢᠭᠡᠳ ᠴᠢᠮ᠎ᠠ ᠲᠠᠢ ᠨᠢᠭᠤᠷ ᠲᠤᠯᠵᠤ ᠤᠴᠠᠷᠠᠬᠤ ᠪᠠᠷ ᠭᠠᠷᠤᠯ᠎ᠠ ᠡᠷᠢᠨ ᠡᠷᠢᠭᠰᠡᠭᠡᠷ ᠴᠢᠮᠠᠶᠢ ᠣᠯᠣᠯ᠎ᠠ
16 ᠶᠧᠵᠢᠫᠲ ᠤᠨ ᠡᠷᠢᠶᠡᠨ ᠪᠦᠲᠡᠭᠡᠯᠭᠡ ᠪᠡᠷ ᠢᠰᠡᠷᠢ ᠪᠠᠨ ᠪᠦᠲᠡᠭᠡᠯᠡ
17 ᠮᠢᠷᠷᠠ᠂ ᠠᠭᠠᠷᠤ᠂ ᠱᠠᠩᠴᠠ ᠶᠢ ᠣᠷᠣ ᠳᠡᠭᠡᠷ᠎ᠡ ᠪᠡᠨ ᠰᠠᠴᠤᠯ᠎ᠠ
18 ᠬᠦᠷᠦᠭᠡᠳ ᠢᠷ᠎ᠡ ᠨᠠᠰᠢ ᠪᠠᠨ᠂ ᠥᠷᠯᠥᠭᠡ ᠪᠣᠯᠲᠠᠯ᠎ᠠ ᠬᠦᠰᠡᠯ ᠳᠤᠷ᠎ᠠ ᠪᠠᠨ ᠬᠠᠩ᠋ᠭᠠᠵᠤ ᠬᠠᠢᠷ᠎ᠠ ᠪᠠᠷ ᠵᠢᠷᠭᠠᠶ᠎ᠠ
19 ᠡᠷ᠎ᠡ ᠨᠥᠬᠥᠷ ᠮᠢᠨᠢ ᠭᠡᠷ ᠲᠡᠭᠡᠨ ᠪᠠᠢᠬᠤ ᠦᠭᠡᠢ ᠬᠠᠷᠢ ᠬᠣᠯᠠ ᠶᠢᠨ ᠠᠶᠠᠨ ᠳᠤ ᠶᠠᠪᠤᠭᠰᠠᠨ
20 ᠲᠡᠷᠡ ᠮᠥᠩᠭᠥ ᠲᠠᠢ ᠪᠣᠭᠴᠣ ᠪᠠᠨ ᠠᠪᠤᠭᠠᠳ ᠣᠳᠣᠭᠰᠠᠨ ᠲᠡᠷᠭᠡᠯ ᠰᠠᠷᠠᠨ ᠤ ᠦᠶ᠎ᠡ ᠪᠡᠷ ᠯᠠ ᠭᠡᠷ ᠲᠡᠭᠡᠨ ᠢᠷᠡᠬᠦ ᠪᠣᠯᠣᠨ᠎ᠠ᠃》
21 ᠤᠷᠠᠨ ᠦᠭᠡ ᠪᠡᠷ ᠢᠶᠠᠨ ᠲᠡᠷᠡ ᠥᠨᠥᠬᠢ ᠡᠷ᠎ᠡ ᠶᠢ ᠲᠠᠲᠠᠯ᠎ᠠ ᠣᠷᠣᠭᠤᠯ ᠤᠨ ᠨᠢᠯᠤᠭᠤᠨ ᠦᠭᠡ ᠪᠡᠷ ᠢᠶᠠᠨ ᠲᠡᠭᠦᠨ ᠢ ᠥᠳᠥᠭᠡᠯᠡ
22 ᠡᠨᠡ ᠭᠱᠠᠨ ᠳᠤ ᠬᠠᠷ᠎ᠠ ᠬᠦᠦ ᠡᠮ᠎ᠡ ᠶᠢ ᠳᠠᠭᠠᠵᠤ ᠪᠠᠢᠪᠠ ᠨᠢᠳᠤᠯᠤᠭᠠᠨ ᠳᠤ ᠣᠴᠢᠬᠤ ᠪᠤᠬ᠎ᠠ ᠮᠡᠲᠦ ᠤᠷᠠᠬᠠᠨ ᠳᠤ ᠣᠷᠣᠬᠤ ᠪᠤᠭᠤ 8 ᠮᠡᠲᠦ᠂
23 ᠡᠯᠢᠭᠡ ᠶᠢ ᠨᠢ ᠨᠡᠪᠲᠡ ᠰᠦᠯᠪᠡᠲᠡᠯᠡ ᠳᠠᠭᠠᠨ᠎ᠠ ᠠᠮᠢ ᠪᠠᠨ ᠠᠯᠳᠠᠬᠤ ᠪᠠᠨ ᠮᠡᠳᠡᠯ ᠦᠭᠡᠢ ᠲᠣᠣᠷ ᠤᠷᠤᠭᠤ ᠤᠬᠤᠰᠬᠢᠬᠤ ᠰᠢᠪᠠᠭᠤ ᠮᠡᠲᠦ᠃
24 ᠠᠯᠢ ᠪᠤᠢ᠂ ᠲᠡᠭᠡᠬᠦ ᠪᠡᠷ ᠬᠡᠦᠬᠡᠳ ᠤᠳ ᠡ᠂ ᠮᠢᠨᠦᠬᠢ ᠶᠢ ᠰᠣᠨᠣᠰ ᠠᠮᠠᠨ ᠠᠴᠠ ᠭᠠᠷᠬᠤ ᠦᠭᠡ ᠶᠢ ᠮᠢᠨᠢ ᠠᠩ᠋ᠬᠠᠷ᠃
25 ᠲᠡᠢᠮᠦ ᠡᠮ᠎ᠡ ᠶᠢᠨ ᠵᠠᠮ ᠤᠷᠤᠭᠤ ᠰᠡᠳᠬᠢᠯ ᠪᠦᠦ ᠬᠠᠵᠠᠢ ᠲᠡᠢᠨ ᠬᠦ ᠲᠡᠭᠦᠨ ᠦ ᠵᠢᠮ ᠢᠶᠠᠷ ᠪᠢᠲᠡᠭᠡᠢ ᠲᠥᠭᠡᠷᠢ
26 ᠤᠴᠢᠷ ᠨᠢ ᠲᠡᠭᠦᠨ ᠦ ᠤᠨᠠᠭᠠᠵᠤ ᠰᠢᠷᠬᠠᠲᠤᠭᠤᠯᠤᠭᠰᠠᠨ ᠨᠢ ᠣᠯᠠᠨ ᠤᠯᠠᠮ ᠢᠶᠠᠷ ᠲᠡᠭᠦᠨ ᠳᠦ ᠠᠯᠠᠭᠤᠯᠤᠭᠰᠠᠨ ᠨᠢ ᠵᠥᠩᠳᠡᠭᠡᠨ
27 ᠲᠡᠭᠦᠨ ᠦ ᠭᠡᠷ ᠦᠬᠦᠯ ᠦᠨ ᠣᠷᠣᠨ ᠤ ᠵᠠᠮ ᠦᠬᠦᠭᠰᠡᠳ ᠦᠨ ᠳᠣᠲᠣᠭᠠᠳᠤ ᠲᠠᠩᠬᠢᠮ ᠤᠷᠤᠭᠤ ᠪᠠᠭᠤᠵᠤ ᠪᠠᠢᠨ᠎ᠠ᠃