ᠵᠦᠢᠷ ᠮᠡᠷᠭᠡᠨ ᠦᠭᠡᠰ ᠬᠣᠷᠢ ᠶᠢᠰᠦ
1 ᠵᠢᠮᠡᠯᠡᠭᠳᠡᠳᠡᠭ ᠪᠣᠯᠪᠠᠴᠤ ᠵᠥᠷᠢᠭᠦᠳᠯᠡᠳᠡᠭ᠌ ᠬᠥᠮᠦᠨ ᠵᠠᠰᠠᠷᠠᠯᠲᠠ ᠦᠭᠡᠢ ᠪᠠᠷ ᠭᠡᠨᠡᠳᠲᠡ ᠰᠦᠢᠷᠡᠨ᠎ᠡ᠃
2 ᠵᠥᠪᠲᠡᠨ ᠣᠯᠠᠰᠢᠷᠠᠬᠤ ᠳᠤ ᠠᠷᠠᠳ ᠪᠠᠶᠠᠷᠯᠠᠨ᠎ᠠ ᠪᠤᠷᠤᠭᠤᠲᠠᠨ ᠨᠣᠶᠠᠷᠬᠠᠬᠤ ᠳᠤ ᠠᠷᠠᠳ ᠭᠠᠰᠠᠯᠤᠨ᠎ᠠ᠃
3 ᠮᠡᠷᠭᠡᠨ ᠤᠬᠠᠭᠠᠨ ᠢ ᠬᠠᠢᠷᠠᠯᠠᠭᠴᠢ ᠡᠴᠢᠭᠡ ᠪᠡᠨ ᠪᠠᠶᠠᠰᠬᠠᠨ᠎ᠠ ᠶᠠᠩ᠋ᠬᠠᠨ ᠲᠠᠢ ᠨᠡᠢᠯᠡᠭᠴᠢ ᠬᠥᠷᠥᠩᠭᠡ ᠪᠡᠨ ᠪᠠᠷᠠᠨ᠎ᠠ᠃
4 ᠬᠠᠭᠠᠨ ᠭᠣᠣᠯᠴᠢ ᠪᠠᠷ ᠭᠠᠵᠠᠷ ᠨᠤᠲᠤᠭ ᠢᠶᠠᠨ ᠪᠡᠬᠢᠵᠢᠭᠦᠯᠦᠨ᠎ᠡ ᠬᠠᠬᠤᠤᠯᠢ ᠠᠪᠤᠭᠴᠢ ᠨᠢ ᠲᠡᠭᠦᠨ ᠢ ᠪᠠᠨ ᠰᠦᠢᠷᠡᠭᠦᠯᠦᠨᠡ᠃
5 ᠬᠥᠷᠰᠢ ᠪᠠᠨ ᠪᠢᠯᠳᠠᠤᠴᠢᠯᠠᠬᠤ ᠨᠢ ᠬᠥᠯ ᠳᠦᠨᠢ ᠲᠣᠣᠷ ᠲᠠᠯᠪᠢᠬᠤ᠃
6 ᠬᠣᠷᠣᠨ ᠬᠥᠮᠦᠨ ᠭᠡᠮ ᠳᠡᠭᠡᠨ ᠤᠷᠠᠬᠠᠳᠠᠭᠤᠯᠤᠨᠠ ᠵᠥᠪᠲᠡᠨ ᠳᠠᠭᠤᠯᠠᠨ ᠪᠠᠶᠠᠰᠤᠨ᠎ᠠ᠃
7 ᠵᠥᠪᠲᠡᠨ ᠶᠠᠳᠠᠭᠤᠰ ᠤᠨ ᠬᠡᠷᠡᠭ ᠢ ᠠᠩ᠋ᠬᠠᠷᠳᠠᠭ ᠪᠤᠷᠤᠭᠤᠲᠠᠨ ᠡᠭᠦᠨ ᠦ ᠤᠴᠢᠷ ᠢ ᠣᠢᠯᠠᠭᠠᠳᠠᠭ ᠦᠭᠡᠢ᠃
8 ᠪᠠᠰᠤᠮᠵᠢᠯᠠᠭᠴᠢᠳ ᠬᠣᠲᠠ ᠶᠢ ᠦᠢᠮᠡᠭᠦᠯᠦᠨᠡ ᠮᠡᠷᠭᠡᠳ ᠠᠭᠤᠷ ᠢ ᠨᠢ ᠨᠠᠮᠳᠠᠭᠠᠨ᠎ᠠ᠃
9 ᠮᠡᠷᠭᠡᠨ ᠬᠢᠭᠡᠳ ᠮᠤᠩ᠋ᠬᠠᠭ ᠮᠡᠳᠬᠡᠯᠴᠡᠬᠦ ᠳᠦ ᠬᠢᠯᠢᠩᠨᠡᠯ ᠳᠣᠭᠣᠭᠢᠯᠠᠯ ᠪᠣᠯᠵᠤ᠂ ᠠᠮᠠᠷᠠᠯ ᠦᠭᠡᠢ᠃
10 ᠴᠢᠰᠤ ᠤᠷᠤᠰᠬᠠᠳᠠᠭ ᠬᠥᠮᠦᠰ ᠪᠤᠷᠤᠭᠤ ᠦᠭᠡᠢ ᠬᠥᠮᠦᠨ ᠢ ᠵᠠᠨᠤᠨ ᠴᠢᠭ᠍ᠴᠢ ᠬᠥᠮᠦᠰ ᠦᠨ ᠠᠮᠢ ᠶᠢ ᠬᠠᠢᠵᠤ ᠪᠠᠢᠨ᠎ᠠ᠃
11 ᠮᠤᠩ᠋ᠬᠠᠭ ᠨᠢ ᠪᠦᠬᠦ ᠠᠭᠤᠷ ᠢᠶᠠᠨ ᠢᠯᠡᠷᠬᠡᠶᠢᠯᠡᠳᠡᠭ᠌ ᠪᠣᠯ ᠮᠡᠷᠭᠡᠨ ᠨᠢ ᠲᠡᠰᠪᠦᠷᠢᠯᠡᠨ᠎ᠡ᠃
12 ᠨᠣᠶᠠᠨ ᠨᠢ ᠬᠤᠳᠠᠯ ᠢ ᠠᠩ᠋ᠬᠠᠷᠪᠠᠯ ᠪᠦᠬᠦ ᠲᠦᠰᠢᠮᠡᠯ ᠨᠢ ᠪᠤᠷᠤᠭᠤᠲᠠᠨ ᠪᠣᠯᠣᠨ᠎ᠠ᠃
13 ᠶᠠᠳᠠᠭᠤ ᠬᠢᠭᠡᠳ ᠳᠠᠷᠤᠯᠠᠭᠴᠢ ᠶᠢᠨ ᠨᠡᠢᠲᠡᠯᠢᠭ ᠲᠠᠯ᠎ᠠ ᠭᠡᠪᠡᠯ ᠶᠣᠬᠣᠸᠠ ᠬᠣᠶᠠᠭᠤᠯᠠ ᠶᠢᠨ ᠬᠢᠨᠢ ᠨᠢᠳᠦᠨ ᠳᠦ ᠭᠡᠷᠡᠯ ᠰᠣᠶᠣᠷᠬᠠᠭᠰᠠᠨ ᠬᠡᠷᠡᠭ᠃
14 ᠬᠠᠭᠠᠨ ᠶᠠᠳᠠᠭᠤᠰ ᠢ ᠦᠨᠡᠨ ᠢᠶᠡᠷ ᠰᠢᠭᠦᠪᠡᠯ ᠰᠡᠨᠲᠢ ᠨᠢ ᠡᠭᠦᠷᠢᠳᠡ ᠪᠡᠬᠢᠵᠢᠨ᠎ᠡ᠃
15 ᠵᠢᠮᠡᠯᠡᠯ ᠦᠨ ᠰᠢᠯᠪᠢᠭᠦᠷ ᠮᠡᠷᠭᠡᠨ ᠤᠬᠠᠭᠠᠨ ᠢ ᠣᠯᠭᠣᠬᠤ ᠪᠣᠯᠪᠠᠴᠤ ᠳᠤᠷ᠎ᠠ ᠪᠠᠷ ᠨᠢ ᠲᠠᠯᠪᠢᠭᠰᠠᠨ ᠬᠡᠦᠬᠡᠳ ᠡᠬᠡ ᠶᠢᠨ ᠢᠶᠠᠨ ᠢᠴᠢᠭᠦᠷᠢ ᠪᠣᠯᠣᠨ᠎ᠠ᠃
16 ᠪᠤᠷᠤᠭᠤᠲᠠᠨ ᠣᠯᠠᠰᠢᠷᠠᠬᠤ ᠳᠤ ᠭᠡᠮ ᠣᠯᠠᠰᠢᠷᠠᠨ᠎ᠠ ᠵᠥᠪᠲᠡᠨ ᠲᠡᠳᠡᠨ ᠦ ᠤᠨᠠᠬᠤ ᠶᠢ ᠬᠠᠷᠠᠨ᠎ᠠ᠃
17 ᠦᠷ᠎ᠡ ᠬᠡᠦᠬᠡᠳ ᠢᠶᠡᠨ ᠰᠠᠬᠢᠯᠭᠠᠵᠢᠭᠤᠯ ᠥᠪᠡᠷ ᠢ ᠴᠢᠨᠢ ᠲᠡᠷᠡ ᠠᠮᠠᠷᠠᠭᠠᠵᠤ ᠰᠡᠳᠬᠢᠯ ᠢ ᠴᠢᠨᠢ ᠪᠠᠶᠠᠰᠬᠠᠨ᠎ᠠ᠃
18 ᠠᠯᠤᠰ ᠤᠨ ᠬᠠᠷᠠᠭ᠎ᠠ 28 ᠪᠠᠢᠬᠤ ᠦᠭᠡᠢ ᠪᠣᠯ ᠠᠷᠠᠳ ᠵᠢᠯᠣᠭᠣ ᠦᠭᠡᠢ ᠬᠠᠤᠯᠢ ᠶᠢ ᠰᠠᠬᠢᠭᠴᠢ ᠬᠠᠷᠢᠨ ᠪᠤᠶᠠᠨ ᠲᠠᠢ᠃
19 ᠵᠠᠷᠤᠴᠠ ᠶᠢ ᠦᠭᠡ ᠪᠡᠷ ᠯᠠ ᠰᠠᠬᠢᠯᠭᠠᠵᠢᠭᠤᠯᠤᠭᠠᠳ ᠪᠣᠯᠬᠤ ᠦᠭᠡᠢ᠂ ᠲᠡᠷᠡ ᠮᠡᠳᠡᠪᠡᠴᠦ ᠡᠰᠡ ᠣᠢᠰᠢᠶᠠᠬᠤ ᠪᠤᠢ᠃
20 ᠠᠮᠠ ᠲᠦᠷᠭᠡᠨ ᠬᠥᠮᠦᠨ ᠢ ᠴᠢ ᠦᠵᠡᠭᠰᠡᠨ ᠪᠢᠵᠡ ᠮᠤᠩ᠋ᠬᠠᠭ ᠨᠢ ᠲᠡᠭᠦᠨ ᠡᠴᠡ ᠢᠯᠡᠭᠦᠦ ᠨᠠᠢᠳᠠᠯᠭ᠎ᠠ ᠲᠠᠢ᠃
21 ᠪᠠᠭ᠎ᠠ ᠠᠴᠠ ᠨᠢ ᠡᠷᠬᠡᠯᠡᠭᠦᠯᠦᠭᠰᠡᠨ ᠵᠠᠷᠤᠴᠠ ᠡᠴᠦᠰ ᠲᠡᠭᠡᠨ ᠵᠣᠪᠠᠯᠠᠩ ᠪᠣᠯᠬᠤ ᠪᠤᠢ᠃
22 ᠠᠭᠤᠷ ᠲᠠᠢ ᠬᠥᠮᠦᠨ ᠬᠡᠷᠡᠭᠦᠯ ᠥᠳᠥᠭᠡᠨ᠎ᠡ ᠠᠭᠰᠤᠮ ᠨᠢᠭᠡᠨ ᠳᠦ ᠭᠡᠮ ᠣᠯᠠᠨ᠃
23 ᠪᠠᠷᠳᠠᠮ ᠵᠠᠩ ᠬᠥᠮᠦᠨ ᠢ ᠢᠴᠢᠭᠦᠷᠢ ᠳᠤ ᠣᠷᠣᠭᠤᠯᠵᠤ ᠳᠠᠷᠤᠤ ᠵᠠᠩ ᠠᠯᠳᠠᠷ ᠬᠦᠨᠳᠦ ᠶᠢ ᠣᠯᠭᠣᠨ᠎ᠠ᠃
24 ᠬᠤᠯᠠᠭᠠᠢᠴᠢ ᠶᠢᠨ ᠬᠠᠮᠰᠠᠭᠠᠲᠠᠨ ᠠᠮᠢ ᠪᠠᠨ ᠬᠣᠬᠢᠷᠠᠭᠠᠭᠴᠢ ᠬᠠᠷᠢᠶᠠᠯ ᠰᠣᠨᠣᠰᠣᠭᠰᠠᠨ ᠴᠤ ᠲᠡᠷᠡ ᠦᠯᠦ ᠮᠡᠳᠡᠭᠦᠯᠦᠨ᠎ᠡ᠃
25 ᠬᠥᠮᠦᠨ ᠡᠴᠡ ᠠᠶᠤᠪᠠᠯ ᠤᠷᠠᠬᠠᠨ ᠳᠤ ᠣᠷᠣᠨ᠎ᠠ ᠶᠣᠬᠣᠸᠠ ᠳᠤ ᠨᠠᠢᠳᠠᠭᠴᠢ ᠨᠢ ᠠᠶᠤᠯ ᠦᠭᠡᠢ᠃
26 ᠣᠯᠠᠨ ᠬᠥᠮᠦᠨ ᠵᠠᠬᠢᠷᠤᠭᠴᠢ ᠶᠢᠨ ᠴᠢᠷᠠᠢ ᠶᠢ ᠬᠠᠷᠠᠪᠠᠴᠤ ᠬᠥᠮᠦᠨ ᠪᠦᠷᠢ ᠶᠢ ᠰᠢᠭᠦᠭᠴᠢ ᠨᠢ ᠶᠣᠬᠣᠸᠠ᠃
27 ᠵᠥᠪᠲᠡᠨ ᠳᠦ ᠬᠣᠷᠣᠨ ᠮᠠᠭᠤ ᠬᠥᠮᠦᠨ ᠵᠢᠭᠰᠢᠭᠦᠷᠢ ᠪᠤᠷᠤᠭᠤᠲᠠᠨ ᠳᠤ ᠴᠢᠭ᠍ᠴᠢ ᠵᠠᠮᠨᠠᠭᠴᠢ ᠵᠢᠭᠰᠢᠭᠦᠷᠢ᠃