1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠨᠠᠢ᠌ᠮᠠ
 ᠮᠡᠷᠭᠡᠨ ᠤᠬᠠᠭᠠᠨ ᠤ ᠳᠠᠭᠤᠳᠠᠯᠭ᠎ᠠ
1 ᠮᠡᠷᠭᠡᠨ ᠤᠬᠠᠭᠠᠨ ᠳᠠᠭᠤᠳᠠᠵᠤ ᠮᠡᠳᠡᠯᠭᠡ ᠤᠬᠠᠭᠠᠨ ᠳᠠᠭᠤ ᠪᠠᠨ ᠬᠠᠲᠠᠭᠠᠵᠤ ᠪᠠᠢᠭ᠎ᠠ ᠪᠢᠰᠢ ᠤᠤ︖
2 ᠥᠨᠳᠥᠷᠯᠢᠭ ᠤᠨ ᠣᠷᠣᠢ᠂ ᠵᠠᠮ ᠤᠨ ᠬᠠᠵᠠᠭᠤ ᠵᠢᠮ ᠤᠨ ᠠᠭᠤᠯᠵᠠᠷ ᠲᠤ ᠵᠣᠭᠰᠣᠵᠤ
3 ᠬᠣᠲᠠ ᠶᠢᠨ ᠡᠭᠦᠳᠡᠨ ᠦ ᠬᠠᠵᠠᠭᠤ ᠬᠠᠭᠠᠯᠭᠠᠨ ᠤ ᠠᠮᠠᠨ ᠳᠡᠭᠡᠷ᠎ᠡ ᠬᠠᠰᠬᠢᠷᠴᠤ ᠡᠢᠨ ᠬᠦ ᠬᠡᠯᠡᠨ᠎ᠡ᠄
4 《ᠬᠥᠮᠦᠰ ᠡ᠂ ᠲᠠ ᠨᠠᠷ ᠢ ᠪᠢ ᠳᠠᠭᠤᠳᠠᠵᠤ ᠪᠠᠢᠨ᠎ᠠ ᠬᠥᠮᠦᠨ ᠦ ᠬᠥᠪᠡᠭᠦᠳ ᠲᠦ ᠪᠢ ᠳᠠᠭᠤ ᠪᠠᠨ ᠥᠭᠴᠦ ᠪᠠᠢᠨ᠎ᠠ
5 ᠭᠡᠨᠡᠨᠴᠦᠦᠯ ᠡ᠂ ᠬᠡᠷᠰᠡᠦ ᠤᠬᠠᠭᠠᠨ ᠢ ᠣᠯ ᠮᠤᠩ᠋ᠬᠠᠭ ᠤᠳ ᠡ᠂ ᠤᠬᠠᠭᠠᠷᠠᠯ ᠢ ᠣᠯ᠂
6 ᠡᠷᠬᠢᠮ ᠵᠦᠢᠯᠡᠰ ᠢ ᠪᠢ ᠬᠡᠯᠡᠨ᠎ᠡ᠂ ᠰᠣᠨᠣᠰᠣᠭᠲᠤᠨ ᠴᠢᠭ᠍ᠴᠢ ᠵᠦᠢᠯᠡᠰ ᠣᠷᠣᠭᠤᠯ ᠠᠴᠠ ᠮᠢᠨᠢ ᠭᠠᠷᠤᠨ᠎ᠠ
7 ᠠᠮᠠ ᠮᠢᠨᠢ ᠦᠨᠡᠨ ᠢ ᠥᠭᠦᠯᠡᠳᠡᠭ ᠣᠷᠣᠭᠤᠯ ᠮᠢᠨᠢ ᠪᠤᠷᠤᠭᠤ ᠶᠢ ᠵᠢᠭ᠍ᠰᠢᠳᠡᠭ
8 ᠠᠮᠠᠨ ᠤ ᠮᠢᠨᠢ ᠠᠯᠢᠪᠠ ᠦᠭᠡ ᠵᠥᠪ ᠭᠠᠵᠢᠵᠤ ᠭᠤᠢᠪᠢᠭᠰᠠᠨ ᠨᠢ ᠦᠭᠡᠢ᠂
9 ᠡᠨᠡ ᠪᠦᠭᠦᠳᠡ ᠨᠢ ᠤᠬᠠᠭᠠᠷᠠᠭᠴᠢ ᠳᠠᠭᠠᠨ ᠰᠢᠯᠤᠭᠤᠨ ᠡᠷᠳᠡᠮ ᠣᠯᠣᠭᠴᠢ ᠳᠠᠭᠠᠨ ᠴᠢᠭ᠍ᠴᠢ᠂
10 ᠮᠥᠩᠭᠥ ᠶᠢ ᠪᠢᠰᠢ᠂ ᠵᠢᠭᠠᠪᠤᠷᠢ ᠶᠢ ᠮᠢᠨᠢ ᠠᠪ ᠰᠢᠯᠢᠮᠡᠯ ᠠᠯᠲᠠ ᠠᠴᠠ ᠢᠯᠡᠭᠦᠦ ᠪᠡᠷ ᠮᠡᠳᠡᠯᠭᠡ ᠶᠢ ᠠᠪ᠂
11 ᠮᠡᠷᠭᠡᠨ ᠤᠬᠠᠭᠠᠨ ᠱᠢᠷᠦ ᠰᠤᠪᠤᠳ ᠠᠴᠠ ᠡᠷᠬᠢᠮ ᠶᠠᠮᠠᠷ ᠴᠤ ᠲᠠᠭᠠᠯᠠᠮᠵᠢᠲᠤ ᠵᠦᠢᠯ ᠲᠡᠭᠦᠨ ᠲᠡᠢ ᠵᠦᠢᠷᠯᠡᠰᠢ ᠦᠭᠡᠢ

12 ᠮᠡᠷᠭᠡᠨ ᠤᠬᠠᠭᠠᠨ ᠪᠢ ᠯᠠ ᠬᠡᠷᠰᠡᠦ ᠪᠣᠳᠣᠯ ᠲᠠᠢ ᠬᠠᠮᠲᠤ ᠣᠷᠣᠰᠢᠳᠠᠭ ᠮᠡᠳᠡᠯᠭᠡ ᠬᠢᠭᠡᠳ ᠬᠠᠰᠢᠷ ᠤᠬᠠᠭᠠᠨ ᠢ ᠪᠢ ᠣᠯᠣᠨ᠎ᠠ᠂
13 ᠶᠣᠬᠣᠸᠠ ᠠᠴᠠ ᠡᠮᠢᠶᠡᠬᠦᠢ ᠭᠡᠳᠡᠭ ᠨᠢ ᠢᠷᠸ᠎ᠠ ᠶᠢᠨ ᠮᠠᠭᠤ ᠶᠢ ᠦᠵᠡᠨ ᠶᠠᠳᠠᠬᠤᠢ ᠪᠠᠷᠳᠠᠮ ᠶᠡᠬᠡᠮᠰᠦᠭ ᠵᠠᠩ᠂ ᠪᠠᠯᠠᠢ ᠵᠠᠮ᠂ ᠪᠠᠴᠢᠲᠤ ᠠᠮᠠ ᠶᠢ ᠪᠢ ᠦᠵᠡᠨ ᠶᠠᠳᠠᠳᠠᠭ
14 ᠰᠠᠢᠨ ᠵᠥᠪᠯᠡᠯᠭᠡ ᠬᠢᠭᠡᠳ ᠰᠡᠴᠡᠨ ᠤᠬᠠᠭᠠᠨ ᠨᠠᠳᠠ ᠳᠤ ᠪᠤᠢ ᠪᠢ ᠪᠣᠯ ᠣᠶᠤᠨ ᠤᠬᠠᠭᠠᠨ ᠬᠦᠴᠦ ᠴᠢᠳᠠᠯ ᠨᠠᠳᠠ ᠳᠤ ᠪᠤᠢ
15 ᠨᠠᠳᠠ ᠪᠠᠷ ᠬᠠᠭᠠᠳ ᠬᠠᠭᠠᠨᠴᠢᠯᠠᠵᠤ ᠨᠣᠶᠠᠳ ᠵᠥᠪ ᠢ ᠲᠣᠭᠲᠠᠭᠠᠨ᠎ᠠ᠂
16 ᠨᠠᠳᠠ ᠪᠠᠷ ᠡᠷᠬᠢᠮ ᠵᠠᠬᠢᠷᠤᠭᠴᠢᠳ᠂ ᠭᠠᠵᠠᠷ ᠤᠨ ᠪᠦᠬᠦ ᠰᠢᠭᠦᠭᠴᠢᠳ ᠵᠠᠬᠢᠷᠤᠨ᠎ᠠ᠂
17 ᠨᠠᠮᠠᠶᠢ ᠬᠠᠢᠷᠠᠯᠠᠭᠰᠠᠳ ᠢ ᠪᠢ ᠬᠠᠢᠷᠠᠯᠠᠨ᠎ᠠ ᠨᠠᠮᠠᠶᠢ ᠬᠠᠢᠭᠰᠠᠳ ᠨᠠᠮᠠᠶᠢ ᠤᠯᠳᠠᠭ᠂
18 ᠡᠳ᠋ ᠪᠠᠶᠠᠯᠢᠭ᠂ ᠡᠷᠬᠢᠮ ᠠᠯᠳᠠᠷ᠂ ᠡᠭᠦᠷᠢᠳᠡ ᠶᠢᠨ ᠥᠮᠴᠢ᠂ ᠦᠨᠡᠨ ᠵᠥᠪ ᠨᠠᠳᠠ ᠳᠤ ᠪᠤᠢ
19 ᠦᠷ᠎ᠡ ᠵᠢᠮᠢᠰ ᠮᠢᠨᠢ ᠰᠢᠵᠢᠷ ᠠᠯᠲᠠᠨ ᠠᠴᠠ᠂ ᠥᠭᠭᠥᠭᠡᠵᠢ ᠮᠢᠨᠢ ᠰᠢᠯᠢᠮᠡᠯ ᠮᠥᠩᠭᠥᠨ ᠡᠴᠡ ᠳᠡᠭᠡᠷ᠎ᠡ᠂
20 ᠪᠢ ᠵᠥᠪ ᠦᠨ ᠵᠠᠮ᠂ ᠰᠢᠳᠤᠷᠭᠤ ᠶᠢᠨ ᠵᠥᠷᠢᠭ ᠳᠤᠮᠳᠠᠭᠤᠷ ᠠᠯᠬᠤᠵᠤ᠂
21 ᠥᠪᠡᠷ ᠢ ᠮᠢᠨᠢ ᠬᠠᠢᠷᠠᠯᠠᠭᠰᠠᠳ ᠲᠤ ᠬᠥᠷᠥᠩᠭᠡ ᠶᠢ ᠥᠪᠯᠡᠭᠦᠯᠵᠦ ᠬᠥᠮᠥᠷᠭᠡ ᠶᠢ ᠨᠢ ᠳᠦᠭᠦᠷᠭᠡᠬᠦ ᠭᠡᠵᠦ ᠪᠠᠢᠨ᠎ᠠ᠃

22 ᠡᠷᠲᠡ ᠴᠠᠭ ᠲᠤ ᠵᠠᠮ ᠤᠨ ᠢᠶᠠᠨ ᠡᠬᠢᠨ ᠳᠤ ᠶᠣᠬᠣᠸᠠ ᠠᠵᠢᠯ ᠢᠶᠠᠨ ᠡᠬᠢᠯᠡᠬᠦ ᠡᠴᠡ ᠪᠡᠨ ᠴᠤ ᠡᠮᠦᠨ᠎ᠡ ᠶᠣᠬᠣᠸᠠ ᠨᠠᠮᠠᠶᠢ ᠡᠵᠡᠮᠰᠢᠵᠦ 9 ᠯᠠ ᠪᠠᠢᠭᠰᠠᠨ ᠶᠤᠮ᠂
23 ᠡᠨᠡ ᠭᠠᠵᠠᠷ ᠳᠡᠯᠡᠬᠡᠢ ᠡᠴᠡ ᠤᠷᠢᠳᠤ᠂ ᠡᠬᠢᠨ ᠡᠴᠡ᠂ ᠥᠨᠢ ᠮᠥᠩᠬᠡ ᠡᠴᠡ ᠪᠢ ᠲᠣᠮᠢᠯᠠᠭᠳᠠᠭᠰᠠᠨ ᠶᠤᠮ᠃
24 ᠭᠦᠨ ᠤᠰᠤ ᠦᠭᠡᠢ ᠪᠠᠢᠬᠤ ᠳᠤ ᠤᠰᠤ ᠶᠡᠬᠡᠲᠦ ᠪᠤᠯᠠᠭ ᠦᠭᠡᠢ ᠪᠠᠢᠬᠤ ᠳᠤ ᠪᠢ ᠭᠠᠷᠪᠠ᠂
25 ᠠᠭᠤᠯᠠ ᠨᠢᠷᠤᠭᠤ ᠰᠠᠭᠤᠯᠭᠠᠭᠳᠠᠬᠤ ᠠᠴᠠ ᠴᠤ ᠤᠷᠢᠳ ᠬᠤᠸᠠ ᠲᠣᠯᠣᠭᠠᠳ ᠠᠴᠠ ᠴᠤ ᠡᠮᠦᠨ᠎ᠡ
26 ᠭᠠᠵᠠᠷ ᠳᠡᠯᠡᠬᠡᠢ ᠶᠢ ᠴᠤ᠂ ᠲᠡᠨᠢᠭᠡᠷ ᠲᠠᠯ᠎ᠠ ᠶᠢ ᠴᠤ ᠶᠢᠷᠲᠢᠨᠴᠦ ᠶᠢᠨ ᠠᠩ᠋ᠬᠠᠨ ᠤ ᠬᠤᠮᠠᠬᠢ ᠶᠢ ᠴᠤ ᠲᠡᠷᠡ ᠶᠡᠷᠦ ᠪᠦᠲᠦᠭᠡᠭᠡ ᠦᠭᠡᠢ ᠪᠠᠢᠬᠤ ᠳᠤ ᠪᠢ ᠭᠠᠷᠤᠭᠰᠠᠨ᠃
27 ᠲᠩᠷᠢ ᠶᠢ ᠲᠡᠷᠡ ᠲᠣᠭᠲᠠᠭᠠᠬᠤ ᠳᠤ ᠲᠡᠷᠡ ᠪᠡᠷ ᠭᠦᠨ ᠦ ᠭᠠᠳᠠᠷᠭᠤ ᠳᠡᠭᠡᠷ᠎ᠡ ᠵᠢᠷᠤᠭᠠᠰᠤ ᠲᠠᠲᠠᠬᠤ ᠳᠤ ᠲᠡᠨᠳᠡ ᠪᠢ ᠪᠠᠢᠯ᠎ᠠ
28 ᠡᠭᠦᠯᠡᠰ ᠢ ᠣᠷᠣᠢ ᠳᠡᠭᠡᠷ᠎ᠡ ᠪᠡᠬᠢᠯᠡᠨ ᠭᠦᠨ ᠦ ᠪᠤᠯᠠᠭ ᠢ ᠲᠣᠭᠲᠠᠭᠠᠬᠤ ᠳᠤ᠂
29 ᠤᠰᠤᠨ ᠳᠤ ᠵᠠᠷᠯᠢᠭ ᠢ ᠨᠢ ᠵᠥᠷᠢᠴᠡᠵᠦ ᠪᠣᠯᠬᠤ ᠦᠭᠡᠢ ᠭᠡᠳ ᠲᠠᠩᠭᠢᠰ ᠲᠤ ᠬᠢᠵᠠᠭᠠᠷ ᠢ ᠨᠢ ᠲᠣᠭᠲᠠᠭᠠᠵᠤ᠂ ᠳᠡᠯᠡᠬᠡᠢ ᠶᠢᠨ ᠰᠠᠭᠤᠷᠢ ᠶᠢ ᠲᠠᠯᠪᠢᠬᠤ ᠳᠤ
30 ᠪᠢ ᠲᠡᠭᠦᠨ ᠦ ᠬᠠᠵᠠᠭᠤ ᠳᠠᠬᠢ ᠳᠠᠷᠬᠠᠨ 10 ᠪᠣᠯᠣᠭᠠᠳ ᠲᠡᠭᠦᠨ ᠦ ᠡᠮᠦᠨ᠎ᠡ ᠡᠳᠦᠷ ᠡᠳᠦᠷ ᠪᠠᠶᠠᠷᠯᠠᠨ ᠴᠠᠭ ᠦᠷᠭᠦᠯᠵᠢ ᠨᠠᠭᠠᠳᠴᠤ ᠪᠠᠢᠭᠰᠠᠨ
31 ᠪᠢ ᠭᠠᠵᠠᠷ ᠳᠡᠯᠡᠬᠡᠢ ᠳᠦ ᠨᠠᠭᠠᠳᠴᠤ ᠪᠠᠢᠬᠤ ᠳᠤ ᠪᠠᠶᠠᠷ ᠮᠢᠨᠢ ᠬᠥᠮᠦᠨ ᠦ ᠬᠥᠪᠡᠭᠦᠳ ᠲᠡᠢ ᠬᠠᠮᠲᠤ ᠪᠠᠢᠭᠰᠠᠨ᠃

32 ᠡᠳᠦᠭᠡ ᠬᠥᠪᠡᠭᠦᠳ ᠮᠢᠨᠢ᠂ ᠮᠢᠨᠦᠬᠢ ᠶᠢ ᠰᠣᠨᠣᠰ ᠵᠠᠮ ᠢ ᠮᠢᠨᠢ ᠮᠥᠷᠳᠡᠭᠰᠡᠳ ᠪᠤᠶᠠᠨ ᠲᠠᠢ ᠡ
33 ᠵᠢᠭᠠᠪᠤᠷᠢ ᠶᠢ ᠮᠢᠨᠢ ᠰᠣᠨᠣᠰᠴᠤ ᠮᠡᠷᠭᠡᠨ ᠪᠣᠯᠵᠠᠭ᠎ᠠ ᠲᠡᠭᠦᠨ ᠢ ᠪᠦᠦ ᠤᠮᠳᠤᠭᠠᠢᠯᠠ
34 ᠡᠳᠦᠷ ᠪᠦᠷᠢ ᠰᠡᠷᠭᠡᠭ ᠪᠠᠢᠵᠤ ᠡᠭᠦᠳᠡᠨ ᠦ ᠮᠢᠨᠢ ᠬᠠᠵᠠᠭᠤ ᠳᠤ ᠬᠦᠯᠢᠶᠡᠭᠰᠡᠭᠡᠷ ᠥᠪᠡᠷ ᠢ ᠮᠢᠨᠢ ᠰᠣᠨᠣᠰᠣᠭᠴᠢ ᠬᠥᠮᠦᠨ ᠪᠤᠶᠠᠨ ᠲᠠᠢ᠂
35 ᠤᠴᠢᠷ ᠨᠢ ᠨᠠᠮᠠᠶᠢ ᠣᠯᠣᠭᠴᠢ ᠠᠮᠢ ᠶᠢ ᠣᠯᠵᠤ ᠶᠣᠬᠣᠸᠠ ᠠᠴᠠ ᠲᠠᠭᠠᠯᠠᠯ ᠬᠦᠷᠲᠡᠨ᠎ᠡ᠂
36 ᠨᠠᠮᠠᠶᠢ ᠠᠯᠳᠠᠭᠴᠢ ᠨᠢ ᠥᠪᠡᠷ ᠢ ᠪᠠᠨ ᠬᠣᠬᠢᠷᠠᠭᠤᠯᠤᠭᠴᠢ ᠠᠮᠢ ᠪᠠᠨ ᠬᠣᠣᠷᠯᠠᠭᠴᠢ ᠥᠪᠡᠷ ᠢ ᠮᠢᠨᠢ ᠵᠠᠨᠤᠭᠴᠢ ᠪᠦᠬᠦᠨ ᠦᠬᠦᠯ ᠳᠦ ᠳᠤᠷᠠᠯᠠᠭᠴᠢ᠃》