1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠠᠷᠪᠠᠨ ᠳᠣᠯᠣᠭ᠎ᠠ
1 ᠬᠠᠲᠠᠭᠰᠠᠨ ᠵᠦᠰᠦᠮ ᠪᠣᠣᠪᠣ ᠲᠠᠢ ᠡᠶ᠎ᠡ ᠲᠠᠢ ᠪᠠᠢᠬᠤ ᠨᠢ ᠮᠢᠬ᠎ᠠ ᠪᠠᠷ ᠳᠦᠭᠦᠷᠡᠩ ᠭᠡᠷ ᠲᠦ ᠮᠠᠷᠭᠤᠯᠳᠤᠬᠤ ᠠᠴᠠ ᠳᠡᠭᠡᠷ᠎ᠡ᠃
2 ᠠᠪᠬᠠᠯᠵᠢ ᠲᠠᠢ ᠵᠠᠷᠤᠴᠠ ᠠᠷᠴᠠᠭ᠎ᠠ ᠦᠭᠡᠢ ᠬᠦᠦ ᠶᠢ ᠠᠬᠠᠯᠠᠵᠤ ᠠᠬᠠᠨ ᠳᠡᠭᠦᠦᠰ ᠲᠡᠢ ᠨᠢ ᠥᠪ ᠬᠤᠪᠢᠶᠠᠯᠴᠠᠨ᠎ᠠ᠃
3 ᠬᠠᠢᠯᠤᠭᠤᠷ ᠢᠶᠠᠷ ᠮᠥᠩᠭᠥ ᠶᠢ ᠬᠢᠰᠠ 20 ᠪᠠᠷ ᠠᠯᠲᠠ ᠶᠢ ᠬᠠᠷᠢᠨ ᠶᠣᠬᠣᠸᠠ ᠵᠢᠷᠦᠬᠡ ᠶᠢ ᠰᠢᠯᠭᠠᠳᠠᠭ᠃
4 ᠪᠤᠵᠠᠷ ᠦᠢᠯᠡᠳᠡᠨ ᠬᠠᠭᠤᠷᠮᠠᠴᠢ ᠣᠷᠣᠭᠤᠯ ᠢ ᠠᠩ᠋ᠬᠠᠷᠳᠠᠭ ᠬᠣᠣᠷᠲᠤ ᠬᠡᠯᠡᠨ ᠳᠦ ᠴᠢᠬᠢ ᠲᠠᠯᠪᠢᠳᠠᠭ᠃
5 ᠶᠠᠳᠠᠭᠤ ᠶᠢ ᠪᠠᠰᠤᠭᠴᠢ ᠨᠢ ᠪᠦᠲᠦᠭᠡᠭᠴᠢ ᠶᠢ ᠨᠢ ᠳᠣᠭᠣᠭᠢᠯᠠᠭᠴᠢ ᠭᠠᠮᠰᠢᠭ ᠲᠤ ᠪᠠᠶᠠᠰᠤᠭᠴᠢ ᠰᠢᠳᠬᠡᠯ ᠡᠴᠡ ᠵᠠᠢᠯᠠᠵᠤ ᠴᠢᠳᠠᠬᠤ ᠦᠭᠡᠢ᠃
6 ᠦᠷ᠎ᠡ ᠠᠴᠢ ᠥᠲᠡᠭᠦᠰ ᠦᠨ ᠲᠢᠲᠢᠮ ᠡᠴᠢᠭᠡ ᠡᠬᠡ ᠨᠢ ᠬᠡᠦᠬᠡᠳ ᠦᠨ ᠠᠯᠳᠠᠷ᠃
7 ᠡᠷᠭᠢᠭᠦᠦ ᠳᠦ ᠤᠷᠠᠨ ᠦᠭᠡ ᠨᠡᠢᠴᠡᠬᠦ ᠦᠭᠡᠢ ᠡᠷᠬᠢᠮᠰᠦᠭ ᠲᠦ ᠬᠤᠳᠠᠯ ᠣᠷᠣᠭᠤᠯ ᠪᠦᠷ ᠴᠤ ᠨᠡᠢᠴᠡᠬᠦ ᠦᠭᠡᠢ᠃
8 ᠬᠠᠬᠤᠤᠯᠢ ᠨᠢ ᠥᠭᠭᠥᠭᠴᠢ ᠳᠡᠭᠡᠨ ᠰᠢᠳᠢᠲᠦ ᠴᠢᠯᠠᠭᠤ ᠮᠡᠲᠦ ᠬᠠᠨᠳᠤᠭᠰᠠᠨ ᠵᠦᠭ ᠲᠡᠭᠡᠨ ᠠᠮᠵᠢᠯᠲᠠ ᠣᠯᠭᠣᠮᠠᠷ ᠪᠠᠢᠳᠠᠭ᠃
9 ᠠᠯᠳᠠᠭ᠎ᠠ ᠶᠢ ᠨᠢᠭᠤᠭᠴᠢ ᠨᠢ ᠬᠠᠢᠷ᠎ᠠ ᠶᠢ ᠬᠠᠢᠭᠴᠢ ᠠᠬᠢᠵᠤ ᠶᠠᠷᠢᠭᠴᠢ ᠨᠢ ᠠᠨᠳᠠ ᠶᠢ ᠰᠠᠯᠭᠠᠭᠴᠢ᠃
10 ᠤᠰᠤᠨ ᠲᠡᠨᠡᠭ ᠢ ᠵᠠᠭᠤ ᠲᠠᠰᠢᠭᠤᠷᠳᠠᠬᠤ ᠠᠴᠠ ᠤᠬᠠᠭᠠᠷᠠᠭᠴᠢ ᠶᠢ ᠭᠠᠭᠴᠠ ᠵᠢᠮᠡᠯᠡᠬᠦ ᠳᠦ ᠭᠡᠭᠡᠷᠡᠨ᠎ᠡ᠃
11 ᠬᠣᠷᠣᠨ ᠮᠠᠭᠤ ᠬᠥᠮᠦᠨ ᠲᠡᠷᠰᠯᠡᠯ ᠢ ᠡᠷᠢᠵᠦ ᠪᠠᠢᠲᠠᠯ᠎ᠠ ᠬᠠᠷᠭᠢᠰ ᠡᠯᠴᠢ ᠥᠭᠡᠳᠡ ᠡᠴᠡ ᠨᠢ ᠢᠯᠡᠭᠡᠭᠳᠡᠨ᠎ᠡ᠃
12 ᠪᠠᠯᠠᠢᠷᠠᠯ ᠳᠠᠭᠠᠨ ᠠᠪᠲᠠᠭᠰᠠᠨ ᠮᠤᠩ᠋ᠬᠠᠭ ᠲᠠᠢ ᠲᠠᠭᠠᠷᠠᠬᠤ ᠪᠠᠷ ᠪᠠᠮᠪᠤᠷᠠᠰᠢ ᠪᠠᠨ ᠠᠯᠳᠠᠭᠰᠠᠨ ᠡᠪᠰᠢ ᠲᠠᠢ ᠲᠠᠭᠠᠷᠠᠯᠳᠤᠬᠤ ᠨᠢ ᠳᠡᠭᠡᠷ᠎ᠡ᠃
13 ᠰᠠᠢᠨ ᠢ ᠰᠠᠭᠠᠷ ᠢᠶᠠᠷ ᠬᠠᠷᠢᠭᠤᠯᠪᠠᠯ ᠰᠠᠭᠠᠷ ᠨᠢ ᠭᠡᠷ ᠡᠴᠡ ᠨᠢ ᠰᠠᠯᠬᠤ ᠦᠭᠡᠢ᠃
14 ᠬᠡᠷᠡᠭᠦᠯ ᠦᠨ ᠡᠬᠢ ᠨᠢ ᠤᠰᠤᠨ ᠤ ᠰᠡᠲᠡᠷᠡᠯᠲᠡ ᠮᠠᠷᠭᠤᠭᠠᠨ ᠢ ᠭᠠᠷᠬᠤ ᠠᠴᠠ ᠨᠢ ᠡᠮᠦᠨ᠎ᠡ ᠵᠣᠭᠰᠣᠭ᠎ᠠ᠃
15 ᠪᠤᠷᠤᠭᠤ ᠶᠢ ᠵᠥᠪᠲᠥᠭᠡᠭᠴᠢ ᠵᠥᠪ ᠢ ᠪᠤᠷᠤᠭᠤᠰᠢᠶᠠᠭᠴᠢ ᠬᠣᠶᠠᠭᠤᠯᠠ ᠪᠠᠨ ᠶᠣᠬᠣᠸᠠ ᠶᠢᠨ ᠵᠢᠭᠰᠢᠭᠦᠷᠢ᠃
16 ᠮᠡᠷᠭᠡᠨ ᠤᠬᠠᠭᠠᠨ ᠢ ᠬᠦᠰᠡᠬᠦ ᠦᠭᠡᠢ ᠶᠤᠮ ᠪᠣᠯ ᠮᠤᠩ᠋ᠬᠠᠭ ᠤᠨ ᠭᠠᠷ ᠲᠤ ᠮᠥᠩᠭᠥ ᠪᠠᠢᠭᠠᠳ ᠴᠤ ᠶᠠᠭᠠᠬᠢᠬᠤ ᠪᠤᠢ︖
17 ᠠᠨᠳᠠ ᠨᠥᠬᠥᠷ ᠢᠮᠠᠭᠲᠠ ᠬᠠᠢᠷᠠᠯᠠᠳᠠᠭ ᠠᠬ᠎ᠠ ᠳᠡᠭᠦᠦ ᠨᠢ ᠶᠠᠳᠠᠷᠠᠬᠤ ᠳᠤ ᠲᠤᠰᠠᠯᠠᠬᠤ ᠪᠠᠷ ᠲᠥᠷᠥᠳᠡᠭ᠃
18 ᠤᠬᠠᠭᠠᠨ ᠳᠤᠲᠠᠮᠠᠭ ᠨᠢ ᠪᠠᠷᠢᠴᠠᠭ᠎ᠠ ᠪᠣᠯᠳᠠᠭ ᠬᠥᠷᠰᠢ ᠪᠠᠨ ᠪᠠᠲᠤᠯᠠᠨ ᠳᠠᠭᠠᠭᠠᠳᠠᠭ᠃
19 ᠬᠢᠯᠢᠨᠴᠡ ᠶᠢ ᠬᠠᠢᠷᠠᠯᠠᠭᠴᠢ ᠨᠢ ᠬᠡᠷᠡᠭᠦᠯ ᠳᠦ ᠳᠤᠷᠠᠯᠠᠭᠴᠢ ᠬᠠᠭᠠᠯᠭ᠎ᠠ ᠪᠠᠨ ᠥᠨᠳᠥᠷᠰᠡᠭᠡᠭᠴᠢ 21 ᠨᠢ ᠰᠦᠢᠷᠡᠯ ᠬᠠᠢᠭᠴᠢ᠃
20 ᠵᠠᠯᠢᠲᠤ ᠰᠠᠨᠠᠭᠠᠲᠠᠨ ᠵᠢᠷᠭᠠᠯ ᠢ ᠣᠯᠬᠤ ᠦᠭᠡᠢ ᠭᠠᠵᠢᠭᠤ ᠬᠡᠯᠡᠲᠡᠨ ᠵᠣᠪᠠᠯᠠᠩ ᠳᠤ ᠤᠨᠠᠨ᠎ᠠ᠃
21 ᠮᠤᠩ᠋ᠬᠠᠭ ᠢ ᠲᠥᠷᠥᠭᠦᠯᠦᠭᠴᠢ ᠰᠢᠨᠠᠯᠤᠯ ᠲᠠᠢ ᠮᠤᠯᠭᠤᠤ ᠶᠢᠨ ᠠᠪᠤ ᠳᠤ ᠪᠠᠶᠠᠷ ᠦᠭᠡᠢ᠃
22 ᠪᠠᠶᠠᠷᠯᠠᠭᠰᠠᠨ ᠰᠡᠳᠬᠢᠯ ᠨᠢ ᠰᠠᠢᠨ ᠡᠮ ᠬᠤᠭᠤᠷᠠᠭᠰᠠᠨ ᠤᠷᠮ᠎ᠠ ᠨᠢ ᠶᠠᠰᠤ ᠱᠠᠷᠬᠢᠷᠠᠭᠤᠯᠤᠨ᠎ᠠ᠃
23 ᠪᠤᠷᠤᠭᠤᠲᠠᠨ ᠨᠢ ᠬᠥᠮᠦᠨ ᠦ ᠡᠪᠦᠷ ᠡᠴᠡ ᠬᠠᠬᠤᠤᠯᠢ ᠠᠪᠤᠭᠠᠳ ᠰᠢᠯᠤᠭᠤᠨ ᠵᠠᠮ ᠢ ᠮᠤᠷᠤᠢᠯᠭᠠᠨ᠎ᠠ᠃
24 ᠤᠬᠠᠭᠠᠨ ᠨᠢ ᠤᠬᠠᠭᠠᠨᠲᠠᠨ ᠤ ᠨᠢᠭᠤᠷ ᠤᠷᠤᠭᠤ ᠤᠬᠠᠪᠤᠷᠢ ᠦᠭᠡᠢ ᠶᠢᠨ ᠨᠢᠳᠦ ᠭᠠᠵᠠᠷ ᠤᠨ ᠬᠢᠵᠠᠭᠠᠷ ᠲᠤ᠃
25 ᠲᠡᠨᠡᠭ ᠬᠦᠦ ᠡᠴᠢᠭᠡ ᠳᠡᠭᠡᠨ ᠬᠢᠯᠢᠩᠨᠡᠯ ᠲᠡᠭᠡᠭᠡᠵᠦ ᠲᠥᠷᠥᠭᠦᠯᠦᠭᠰᠡᠨ ᠨᠢᠭᠡᠨ ᠳᠡᠭᠡᠨ ᠭᠠᠰᠢᠭᠤᠳᠠᠯ᠃
26 ᠴᠢᠭ᠍ᠴᠢ ᠶᠢᠨ ᠬᠢᠨᠢ ᠤᠯᠠᠮ ᠢᠶᠠᠷ ᠵᠥᠪᠲᠡᠨ ᠢ ᠲᠣᠷᠭᠠᠬᠤ ᠬᠢᠭᠡᠳ ᠠᠯᠳᠠᠷᠲᠠᠨ ᠢ ᠲᠠᠰᠢᠭᠤᠷᠳᠠᠬᠤ ᠨᠢ ᠰᠠᠢᠨ ᠪᠢᠰᠢ᠃
27 ᠠᠮᠠ ᠪᠠᠨ ᠪᠠᠷᠢᠭᠴᠢ ᠨᠢ ᠮᠡᠳᠡᠯᠭᠡ ᠲᠠᠢ ᠤᠬᠠᠭᠠᠯᠢᠭ ᠬᠥᠮᠦᠨ ᠠᠭᠠᠰᠢ ᠳᠥᠯᠭᠡᠨ᠃
28 ᠮᠤᠩ᠋ᠬᠠᠭ ᠨᠢ ᠳᠠᠭᠤ ᠦᠭᠡᠢ ᠪᠣᠯ ᠮᠡᠷᠭᠡᠨ ᠳᠦ ᠲᠣᠭᠠᠴᠠᠭᠳᠠᠵᠤ ᠣᠷᠣᠭᠤᠯ ᠢᠶᠠᠨ ᠬᠠᠮᠬᠢᠪᠠᠯ ᠤᠬᠠᠭᠠᠨᠲᠠᠨ ᠳᠤ ᠲᠣᠭᠠᠴᠠᠭᠳᠠᠨ᠎ᠠ᠃