ᠵᠦᠢᠷ ᠮᠡᠷᠭᠡᠨ ᠦᠭᠡᠰ ᠬᠣᠷᠢᠨ ᠲᠠᠪᠤ
ᠰᠣᠯᠣᠮᠣᠨ ᠬᠠᠭᠠᠨ ᠤ ᠪᠤᠰᠤᠳ ᠵᠦᠢᠷ ᠦᠭᠡᠰ
1 ᠳᠠᠷᠠᠭᠠᠬᠢ ᠨᠢ ᠴᠤ ᠰᠣᠯᠣᠮᠣᠨ ᠤ ᠵᠦᠢᠷ ᠮᠡᠷᠭᠡᠨ ᠦᠭᠡᠰ᠂ ᠶᠦᠳᠠ ᠶᠢᠨ ᠬᠠᠭᠠᠨ ᠾᠧᠽᠧᠺᠢᠶ᠎ᠠ ᠶᠢᠨ ᠬᠥᠮᠦᠰ ᠡᠮᠬᠢᠳᠬᠡᠨ ᠰᠡᠢᠷᠡᠭᠦᠯᠪᠡ᠃
2 ᠤᠳᠬ᠎ᠠ ᠶᠢ ᠨᠢᠭᠤᠴᠠᠯᠠᠬᠤ ᠨᠢ ᠪᠤᠷᠬᠠᠨ ᠤ ᠠᠯᠳᠠᠷ ᠤᠴᠢᠷ ᠢ ᠤᠬᠠᠬᠤ ᠨᠢ ᠬᠠᠭᠠᠨ ᠤ ᠠᠯᠳᠠᠷ᠂
3 ᠲᠩᠷᠢ ᠥᠨᠳᠥᠷ᠂ ᠭᠠᠵᠠᠷ ᠭᠦᠨ ᠬᠠᠭᠠᠳ ᠤᠨ ᠰᠠᠨᠠᠭ᠎ᠠ ᠲᠡᠢᠨ ᠬᠦ ᠤᠬᠠᠭᠳᠠᠰᠢ ᠦᠭᠡᠢ᠃
4 ᠮᠥᠩᠭᠥ ᠡᠴᠡ ᠰᠢᠭᠠᠷᠤ ᠶᠢ ᠨᠢ ᠠᠷᠢᠯᠭ᠎ᠠ ᠳᠠᠷᠬᠠᠨ ᠤ ᠪᠦᠲᠦᠭᠡᠯ ᠭᠠᠷᠬᠤ ᠪᠣᠯᠣᠨ᠎ᠠ
5 ᠬᠠᠭᠠᠨ ᠤ ᠡᠮᠦᠨ᠎ᠡ ᠡᠴᠡ ᠪᠤᠷᠤᠭᠤᠲᠠᠨ ᠢ ᠠᠷᠢᠯᠭ᠎ᠠ ᠰᠡᠨᠲᠢ ᠨᠢ ᠵᠥᠪ ᠶᠣᠰᠣ ᠪᠠᠷ ᠪᠡᠬᠢᠵᠢᠬᠦ ᠪᠣᠯᠣᠨ᠎ᠠ᠃
6 ᠬᠠᠭᠠᠨ ᠤ ᠡᠮᠦᠨ᠎ᠡ ᠥᠪᠡᠷ ᠢ ᠪᠠᠨ ᠪᠦᠦ ᠡᠷᠭᠦᠮᠵᠢᠯᠡ ᠶᠡᠬᠡᠰ ᠦᠨ ᠣᠷᠣᠨ ᠳᠤ ᠴᠤ ᠪᠦᠦ ᠵᠣᠭᠰᠣ᠂
7 ᠴᠢ ᠨᠣᠶᠠᠨ ᠤ ᠡᠮᠦᠨ᠎ᠡ ᠳᠣᠣᠷᠠᠳᠤ ᠪᠣᠯᠬᠤ ᠠᠴᠠ 《ᠳᠡᠭᠡᠭᠰᠢ ᠪᠠᠨ ᠮᠣᠷᠢᠯᠠ》 ᠭᠡᠵᠦ ᠬᠡᠯᠡᠭᠦᠯᠬᠦ ᠨᠢ ᠳᠡᠭᠡᠷ᠎ᠡ᠃
8 ᠬᠡᠷᠡᠭ ᠵᠠᠷᠭᠤ ᠬᠢᠬᠦ ᠪᠡᠷ ᠬᠡᠷᠬᠢᠪᠡᠴᠦ ᠪᠦᠦ ᠶᠠᠭᠠᠷᠠ ᠬᠥᠷᠰᠢ ᠴᠢᠨᠢ ᠴᠢᠮᠠᠶᠢ ᠢᠴᠢᠭᠡᠪᠡᠯ ᠬᠣᠵᠢᠮ ᠴᠢ ᠶᠠᠭᠠᠬᠢᠬᠤ ᠪᠤᠢ︖
9 ᠬᠥᠷᠰᠢ ᠯᠦᠭᠡ ᠪᠡᠨ ᠮᠠᠷᠭᠤᠯᠳᠤᠪᠠᠯ ᠮᠠᠷᠭᠤᠯᠳᠤ ᠬᠥᠮᠦᠨ ᠦ ᠨᠢᠭᠤᠴᠠ ᠶᠢ ᠪᠦᠦ ᠳᠡᠯᠭᠡ
10 ᠡᠰᠡ ᠲᠡᠭᠡᠪᠡᠰᠦ ᠰᠣᠨᠣᠰᠣᠭᠴᠢ ᠨᠢ ᠴᠢᠮᠠᠶᠢ ᠢᠴᠢᠭᠡᠵᠦ ᠰᠢᠪᠰᠢᠭ ᠴᠢᠨᠢ ᠠᠷᠢᠯᠬᠤ ᠦᠭᠡᠢ᠃
11 ᠤᠨᠤᠵᠤ ᠬᠡᠯᠡᠭᠰᠡᠨ ᠦᠭᠡ ᠮᠥᠩᠭᠥᠨ ᠲᠠᠪᠠᠭ ᠳᠠᠬᠢ ᠠᠯᠲᠠᠨ ᠠᠯᠮᠤᠷᠠᠳ᠃
12 ᠳᠤᠭᠤᠯᠭᠠᠪᠤᠷᠢᠲᠠᠢ ᠴᠢᠬᠢᠨ ᠳᠤ ᠮᠡᠷᠭᠡᠨ ᠦ ᠵᠢᠮᠡᠯᠡᠯ ᠨᠢ ᠠᠯᠲᠠᠨ ᠡᠭᠡᠮᠦᠭ᠂ ᠰᠢᠵᠢᠷ ᠠᠯᠲᠠᠨ ᠴᠢᠮᠡᠭ᠃
13 ᠢᠲᠡᠭᠡᠮᠵᠢᠲᠦ ᠡᠯᠴᠢ ᠨᠢ ᠢᠯᠡᠭᠡᠭᠴᠢᠳ ᠲᠡᠭᠡᠨ ᠬᠤᠷᠢᠶᠠᠯᠲᠠ ᠶᠢᠨ ᠡᠳᠦᠷ ᠳᠠᠬᠢ ᠴᠠᠰᠤᠨ ᠤ ᠬᠠᠢᠯ ᠮᠡᠲᠦ ᠡᠵᠡᠨ ᠦ ᠪᠠᠨ ᠰᠡᠳᠬᠢᠯ ᠢ ᠰᠡᠷᠭᠦᠭᠡᠨ᠎ᠡ᠃
14 ᠪᠡᠯᠡᠭᠯᠡᠨ᠎ᠡ ᠭᠡᠵᠦ ᠰᠠᠢᠷᠬᠠᠳᠠᠭ ᠴᠤ ᠥᠭᠳᠡᠭ ᠦᠭᠡᠢ ᠬᠥᠮᠦᠨ ᠪᠣᠷᠣᠭᠠᠨ ᠦᠭᠡᠢ ᠡᠭᠦᠯᠡ ᠪᠠ ᠰᠠᠯᠬᠢ᠃
15 ᠲᠡᠰᠪᠦᠷᠢᠯᠡᠭᠰᠡᠨ ᠠᠭᠤᠷ ᠲᠤ ᠵᠠᠬᠢᠷᠤᠭᠴᠢ ᠢᠳᠬᠠᠭᠳᠠᠨᠠ ᠵᠥᠭᠡᠯᠡᠨ ᠬᠡᠯᠡ ᠶᠠᠰᠤ ᠶᠢ ᠴᠤ ᠬᠤᠭᠤᠯᠤᠨ᠎ᠠ᠃
16 ᠵᠥᠭᠡᠢ ᠶᠢᠨ ᠪᠠᠯ ᠣᠯᠪᠠᠯ ᠬᠢᠷᠢ ᠪᠠᠨ ᠮᠡᠳᠡᠵᠦ ᠢᠳᠡ ᠬᠡᠲᠦ ᠢᠳᠡᠵᠦ ᠪᠥᠭᠡᠯᠵᠢᠬᠦ ᠪᠤᠢ᠃
17 ᠬᠥᠷᠰᠢ ᠶᠢᠨ ᠢᠶᠠᠨ ᠭᠡᠷ ᠡᠴᠡ ᠬᠥᠯ ᠢᠶᠡᠨ ᠲᠠᠲᠠ ᠲᠡᠳᠡ ᠴᠢᠮ᠎ᠠ ᠠᠴᠠ ᠵᠠᠯᠬᠠᠭᠠᠳ ᠵᠢᠭᠰᠢᠬᠦ ᠪᠤᠢ᠃
18 ᠬᠥᠷᠰᠢ ᠶᠢᠨ ᠢᠶᠠᠨ ᠲᠠᠯ᠎ᠠ ᠪᠠᠷ ᠬᠤᠳᠠᠯ ᠭᠡᠷᠡᠴᠢᠯᠡᠭᠴᠢ ᠨᠢ ᠰᠢᠳᠠᠮ᠂ ᠢᠯᠳᠦ ᠬᠢᠭᠡᠳ ᠬᠤᠷᠴᠠᠯᠠᠭᠰᠠᠨ ᠰᠤᠮᠤ᠃
19 ᠪᠡᠷᠬᠡ ᠡᠳᠦᠷ ᠲᠦ ᠢᠲᠡᠭᠡᠮᠵᠢ ᠦᠭᠡᠢ ᠬᠥᠮᠦᠨ ᠳᠦ ᠨᠠᠢᠳᠠᠬᠤ ᠨᠢ ᠡᠮᠲᠡᠷᠡᠭᠰᠡᠨ ᠰᠢᠳᠦ ᠪᠤᠯᠵᠢᠭᠰᠠᠨ ᠬᠥᠯ᠃
20 ᠳᠠᠷᠤᠮᠲᠠ ᠲᠠᠢ ᠵᠢᠷᠦᠬᠡᠨ ᠳᠦ ᠳᠠᠭᠤᠤ ᠳᠠᠭᠤᠯᠠᠭᠴᠢ ᠨᠢ ᠳᠠᠭᠠᠷᠠᠭᠰᠠᠨ ᠬᠥᠮᠦᠨ ᠦ ᠳᠠᠬᠤ ᠶᠢ ᠲᠠᠢᠯᠬᠤ᠂ ᠰᠢᠷᠬᠠᠨ ᠳᠡᠭᠡᠷ᠎ᠡ ᠳᠠᠪᠤᠰᠤ ᠪᠠ ᠼᠤᠤ ᠶᠢ ᠬᠢᠬᠦ ᠲᠠᠢ ᠠᠳᠠᠯᠢ᠃
21 ᠥᠰᠲᠡᠨ ᠴᠢᠨᠢ ᠥᠯᠥᠰᠥᠭᠰᠡᠨ ᠪᠣᠯ ᠬᠣᠭᠣᠯᠠ ᠢᠳᠡᠭᠦᠯ ᠴᠠᠩ᠋ᠭᠠᠭᠰᠠᠨ ᠪᠣᠯ ᠤᠰᠤ ᠤᠤᠭᠤᠯᠭ᠎ᠠ
22 ᠡᠢᠨ ᠬᠦ ᠴᠢ ᠲᠡᠭᠦᠨ ᠦ ᠲᠣᠯᠣᠭᠠᠢ ᠳᠡᠭᠡᠷ᠎ᠡ ᠭᠠᠯ ᠲᠠᠢ ᠨᠡᠭᠦᠷᠡᠰᠦ ᠣᠪᠣᠭᠠᠯᠠᠨ᠎ᠠ ᠱᠠᠩᠨᠠᠯ ᠢ ᠶᠣᠬᠣᠸᠠ ᠴᠢᠮ᠎ᠠ ᠳᠤ ᠣᠯᠭᠣᠨ᠎ᠠ᠃
23 ᠤᠮᠠᠷᠠᠲᠤ ᠶᠢᠨ ᠰᠠᠯᠬᠢᠨ ᠤ ᠡᠴᠦᠰ ᠲᠦ ᠬᠤᠷ᠎ᠠ ᠪᠣᠷᠣᠭᠠᠨ ᠭᠦᠳᠬᠡᠯ ᠶᠠᠷᠢᠶᠠᠨ ᠤ ᠡᠴᠦᠰ ᠲᠦ ᠠᠭᠤᠷᠲᠠᠢ ᠴᠢᠷᠠᠢ᠃
24 ᠬᠡᠷᠡᠭᠦᠯᠴᠢ ᠡᠬᠡᠨᠡᠷ ᠲᠡᠢ ᠨᠢᠭᠡ ᠭᠡᠷ ᠲᠦ ᠰᠠᠭᠤᠬᠤ ᠠᠴᠠ ᠳᠡᠭᠡᠪᠦᠷ ᠦᠨ ᠪᠤᠯᠤᠩ ᠳᠤ ᠠᠮᠢᠳᠤᠷᠠᠭᠰᠠᠨ ᠨᠢ ᠳᠡᠭᠡᠷ᠎ᠡ᠃
25 ᠠᠯᠤᠰ ᠤᠨ ᠣᠷᠣᠨ ᠠᠴᠠ ᠢᠷᠡᠬᠦ ᠰᠠᠢᠨ ᠮᠡᠳᠡᠭᠡ ᠠᠩ᠋ᠭᠠᠭᠰᠠᠨ ᠬᠥᠮᠦᠨ ᠳᠦ ᠥᠭᠬᠦ ᠬᠦᠢᠲᠡᠨ ᠤᠰᠤ ᠮᠡᠲᠦ᠃
26 ᠵᠥᠪᠲᠡᠨ ᠪᠤᠷᠤᠭᠤᠲᠠᠨ ᠤ ᠡᠮᠦᠨ᠎ᠡ ᠭᠤᠢᠪᠢᠬᠤ ᠨᠢ ᠱᠠᠩᠳᠠ ᠱᠠᠯᠪᠠᠭᠳᠠᠵᠤ᠂ ᠪᠤᠯᠠᠭ ᠪᠣᠬᠢᠷᠲᠣᠬᠤ ᠲᠠᠢ ᠠᠳᠠᠯᠢ᠃
27 ᠪᠠᠯ ᠢ ᠴᠤ ᠬᠡᠲᠦᠷᠬᠡᠢ ᠢᠳᠡᠬᠦ ᠨᠢ ᠰᠠᠢᠨ ᠪᠢᠰᠢ ᠠᠯᠳᠠᠷ ᠳᠡᠭᠡᠷ᠎ᠡ ᠠᠯᠳᠠᠷ ᠢ ᠬᠠᠢᠬᠤ ᠨᠢ ᠴᠤ ᠲᠡᠢᠮᠦ᠃
28 ᠵᠠᠩ ᠢᠶᠠᠨ ᠵᠠᠬᠢᠷᠳᠠᠭ ᠦᠭᠡᠢ ᠬᠥᠮᠦᠨ ᠬᠡᠷᠡᠮ ᠦᠭᠡᠢ ᠨᠤᠷᠠᠭᠰᠠᠨ ᠬᠣᠲᠠ᠃