ᠵᠦᠢᠷ ᠮᠡᠷᠭᠡᠨ ᠦᠭᠡᠰ ᠬᠣᠷᠢ
1 ᠳᠠᠷᠠᠰᠤ ᠨᠢ ᠪᠠᠰᠤᠮᠵᠢᠯᠠᠭᠴᠢ᠂ ᠠᠷᠢᠬᠢ ᠨᠢ ᠠᠭᠰᠤᠮᠨᠠᠭᠴᠢ ᠡᠳᠡᠭᠡᠷ ᠡᠴᠡ ᠪᠣᠯᠵᠤ ᠪᠦᠳᠦᠷᠢᠳᠡᠭ ᠬᠥᠮᠦᠨ ᠪᠦᠷᠢ ᠤᠬᠠᠭᠠᠨ ᠦᠭᠡᠢ᠃
2 ᠬᠠᠭᠠᠨ ᠤ ᠬᠢᠯᠢᠩ ᠠᠷᠰᠯᠠᠨ ᠤ ᠠᠷᠬᠢᠷᠠᠭᠠᠨ ᠲᠡᠭᠦᠨ ᠢ ᠠᠭᠤᠷᠯᠠᠭᠤᠯᠬᠤ ᠨᠢ ᠠᠮᠢ ᠪᠠᠷ ᠢᠶᠠᠨ ᠪᠠᠷᠢᠴᠠᠭ᠎ᠠ ᠪᠣᠯᠭᠠᠬᠤ ᠤᠴᠢᠷ ᠪᠢᠯᠡ᠃
3 ᠮᠠᠷᠭᠤᠭᠠᠨ ᠠᠴᠠ ᠵᠠᠢᠯᠠᠰᠬᠢᠬᠦ ᠨᠢ ᠬᠥᠮᠦᠨ ᠦ ᠠᠯᠳᠠᠷ ᠮᠤᠩ᠋ᠬᠠᠭ ᠪᠣᠯᠭᠠᠨ ᠨᠢ ᠬᠡᠷᠡᠭᠦᠯ ᠳᠡᠭᠳᠡᠭᠡᠨᠡ᠃
4 ᠤᠯᠠᠷᠢᠯ ᠳᠤᠨᠢ ᠭᠠᠵᠠᠷ ᠢᠶᠠᠨ ᠬᠠᠭᠠᠯᠤᠭ᠎ᠠ ᠦᠭᠡᠢ ᠬᠣᠢᠷᠭᠣ ᠤᠷᠭᠤᠴᠠ ᠶᠢᠨ ᠦᠶ᠎ᠡ ᠪᠡᠷ ᠬᠠᠢᠭᠠᠳ ᠴᠤ ᠶᠠᠭᠤᠮ᠎ᠠ ᠦᠭᠡᠢ᠃
5 ᠬᠥᠮᠦᠨ ᠦ ᠳᠣᠲᠣᠷᠠᠬᠢ ᠪᠣᠳᠣᠯ ᠭᠦᠨ ᠤᠰᠤ ᠤᠬᠠᠭᠠᠨᠲᠤ ᠬᠥᠮᠦᠨ ᠯᠠ ᠲᠠᠲᠠᠵᠤ ᠭᠠᠷᠭᠠᠨ᠎ᠠ᠃
6 ᠣᠯᠠᠨ ᠬᠥᠮᠦᠨ ᠥᠪᠡᠷ ᠢ ᠪᠠᠨ ᠦᠨᠡᠨᠴᠢ ᠭᠡᠵᠦ ᠬᠠᠰᠬᠢᠷᠳᠠᠭ ᠴᠤ ᠢᠲᠡᠭᠡᠮᠵᠢᠲᠦ ᠬᠥᠮᠦᠨ ᠢ ᠬᠠᠮᠢᠭ᠎ᠠ ᠠᠴᠠ ᠣᠯᠬᠤ ᠪᠤᠢ︖
7 ᠵᠥᠪᠲᠡᠨ ᠪᠤᠷᠤᠭᠤ ᠦᠭᠡᠢ ᠠᠯᠬᠤᠭᠰᠠᠭᠠᠷ ᠪᠠᠢᠳᠠᠭ ᠲᠡᠭᠦᠨ ᠦ ᠦᠷ᠎ᠡ ᠬᠣᠢᠴᠢᠰ ᠪᠤᠶᠠᠨ ᠲᠠᠢ᠃
8 ᠬᠠᠭᠠᠨ ᠪᠣᠯ ᠰᠢᠭᠦᠯᠲᠡ ᠶᠢᠨ ᠰᠡᠨᠲᠢ ᠳᠤ ᠵᠠᠯᠠᠷᠠᠭᠴᠢ ᠬᠠᠮᠤᠭ ᠮᠠᠭᠤ ᠶᠢ ᠬᠠᠷᠠᠴᠠ ᠪᠠᠷ ᠢᠶᠠᠨ ᠰᠢᠭ᠍ᠰᠢᠭ᠍ᠴᠢ᠃
9 《ᠪᠢ ᠵᠢᠷᠦᠬᠡ ᠪᠡᠨ ᠴᠡᠪᠡᠷᠯᠡᠪᠡ ᠪᠢ ᠨᠢᠭᠦᠯ ᠡᠴᠡ ᠪᠡᠨ ᠴᠡᠪᠡᠷᠰᠢᠪᠡ》 ᠭᠡᠵᠦ ᠬᠡᠨ ᠬᠡᠯᠡᠵᠦ ᠴᠢᠳᠠᠬᠤ ᠪᠤᠢ︖
10 ᠵᠢᠩᠯᠡᠭᠦᠷ ᠪᠢᠰᠢ ᠵᠢᠩᠯᠡᠭᠦᠷ᠂ ᠬᠡᠮᠵᠢᠭᠦᠷ ᠪᠢᠰᠢ ᠬᠡᠮᠵᠢᠭᠦᠷ ᠠᠯᠢ ᠨᠢ ᠴᠤ ᠶᠣᠬᠣᠸᠠ ᠶᠢᠨ ᠵᠢᠭᠰᠢᠭᠦᠷᠢ᠃
11 ᠪᠠᠯᠴᠢᠷ ᠨᠢ ᠴᠤ ᠦᠢᠯᠡᠰ ᠢᠶᠡᠷ ᠢᠶᠠᠨ ᠴᠡᠪᠡᠷ ᠰᠢᠳᠤᠷᠭᠤ ᠡᠰᠡᠬᠦ ᠨᠢ ᠲᠠᠨᠢᠭᠳᠠᠨ᠎ᠠ᠃
12 ᠰᠣᠨᠣᠰᠬᠤ ᠴᠢᠬᠢ᠂ ᠬᠠᠷᠠᠬᠤ ᠨᠢᠳᠦ ᠬᠣᠶᠠᠭᠤᠯᠠ ᠶᠢ ᠶᠣᠬᠣᠸᠠ ᠪᠦᠲᠦᠭᠡᠭᠰᠡᠨ᠃
13 ᠨᠣᠢᠷ ᠢᠶᠠᠨ ᠪᠦᠦ ᠬᠠᠷᠠᠮᠨᠠ᠂ ᠶᠠᠳᠠᠭᠤ ᠪᠣᠯᠣᠨ᠎ᠠ ᠨᠢᠳᠦ ᠪᠡᠨ ᠨᠡᠭᠡᠭᠡ᠂ ᠬᠣᠭᠣᠯᠠ ᠪᠠᠷ ᠴᠠᠳᠬᠤ ᠪᠣᠯᠣᠨ᠎ᠠ᠃
14 ᠬᠤᠳᠠᠯᠳᠤᠨ ᠠᠪᠬᠤ ᠳᠠᠭᠠᠨ 《ᠮᠠᠭᠤ᠂ ᠮᠠᠭᠤ》 ᠭᠡᠵᠦ ᠶᠠᠪᠤᠬᠤ ᠳᠠᠭᠠᠨ ᠲᠡᠭᠦᠨ ᠢᠶᠡᠷ ᠢᠶᠠᠨ ᠰᠠᠢᠷᠬᠠᠳᠠᠭ᠃
15 ᠠᠯᠲᠠ ᠬᠢᠭᠡᠳ ᠱᠢᠷᠦ ᠰᠤᠪᠤᠳ ᠠᠷᠪᠢᠨ ᠴᠤ ᠮᠡᠳᠡᠯᠭᠡ ᠶᠢᠨ ᠣᠷᠣᠭᠤᠯ ᠪᠦᠷ ᠦᠨᠡᠲᠦ ᠭᠣᠶᠣᠯ ᠶᠤᠮ᠃
16 ᠲᠠᠨᠢᠯ ᠪᠤᠰᠤ ᠶᠢ ᠪᠠᠲᠤᠯᠠᠨ ᠳᠠᠭᠠᠭᠠᠭᠴᠢ ᠶᠢᠨ ᠳᠡᠪᠡᠯ ᠢ ᠠᠪ ᠬᠠᠷᠢ ᠬᠥᠮᠦᠨ ᠢ ᠪᠠᠲᠤᠯᠠᠨ ᠳᠠᠭᠠᠭᠠᠭᠴᠢ ᠶᠢ ᠪᠠᠷᠢᠴᠠᠭᠠᠨ ᠳᠤ ᠠᠪ᠃
17 ᠬᠤᠳᠠᠯ ᠢᠶᠠᠷ ᠣᠯᠣᠭᠰᠠᠨ ᠬᠦᠨᠡᠰᠦ ᠬᠥᠮᠦᠨ ᠳᠦ ᠠᠮᠲᠠᠲᠠᠢ ᠪᠠᠢᠯ᠎ᠠ ᠴᠤ ᠬᠣᠵᠢᠮ ᠠᠮᠠ ᠨᠢ ᠬᠠᠢᠷ ᠢᠶᠠᠷ ᠳᠦᠭᠦᠷᠦᠨ᠎ᠡ᠃
18 ᠲᠥᠯᠥᠪᠯᠡᠭᠡ ᠵᠥᠪᠯᠡᠯᠭᠡ ᠪᠡᠷ ᠪᠡᠶᠡᠯᠡᠨ᠎ᠡ ᠮᠡᠷᠭᠡᠨ ᠵᠥᠪᠯᠡᠯᠭᠡ ᠪᠡᠷ ᠳᠠᠢᠨ ᠬᠢ᠃
19 ᠴᠤᠤ ᠲᠠᠷᠬᠠᠭᠠᠭᠴᠢ ᠨᠢᠭᠤᠴᠠ ᠶᠢ ᠵᠠᠳᠠᠷᠠᠭᠤᠯᠤᠭᠴᠢ ᠠᠮᠠ ᠵᠠᠳᠠᠭᠠᠢ ᠬᠥᠮᠦᠨ ᠲᠡᠢ ᠪᠦᠦ ᠨᠡᠢᠯᠡ᠃
20 ᠡᠴᠢᠭᠡ ᠡᠬᠡ ᠪᠡᠨ ᠮᠠᠭᠤᠯᠠᠭᠴᠢ ᠶᠢᠨ ᠳ᠋ᠧᠩ ᠲᠦᠨᠡᠷ ᠬᠠᠷᠠᠩ᠋ᠭᠤᠢ ᠳᠤ ᠪᠥᠬᠥᠨᠡ᠃
21 ᠲᠦᠷᠦᠭᠦᠨ ᠳᠦᠨᠢ ᠲᠦᠷᠭᠡᠨ ᠣᠯᠳᠠᠭᠰᠠᠨ ᠥᠪ ᠲᠡᠭᠦᠰᠬᠡᠯ ᠳᠦᠨᠢ ᠢᠪᠡᠭᠡᠯ ᠪᠣᠯᠬᠤ ᠦᠭᠡᠢ᠃
22 《ᠬᠣᠷᠣᠨ ᠮᠠᠭᠤ ᠶᠢᠨ ᠬᠠᠷᠢᠭᠤ ᠶᠢ ᠠᠪᠤᠶ᠎ᠠ》 ᠭᠡᠵᠦ ᠪᠦᠦ ᠬᠡᠯᠡ ᠶᠣᠬᠣᠸᠠ ᠶᠢ ᠬᠦᠯᠢᠶᠡ᠂ ᠲᠡᠷᠡ ᠴᠢᠮᠠᠶᠢ ᠠᠪᠤᠷᠠᠨ᠎ᠠ᠃
23 ᠲᠠᠤᠬᠠᠢ ᠪᠢᠰᠢ ᠲᠠᠤᠬᠠᠢ᠂ ᠡᠵᠡᠨ ᠳᠦ ᠵᠢᠭ᠍ᠰᠢᠯ ᠢᠲᠡᠭᠡᠮᠵᠢ ᠦᠭᠡᠢ ᠲᠡᠩᠨᠡᠭᠦᠷ ᠰᠠᠢᠨ ᠪᠢᠰᠢ᠃
24 ᠬᠥᠮᠦᠨ ᠦ ᠠᠯᠬᠤᠮ ᠶᠣᠬᠣᠸᠠ ᠠᠴᠠ ᠬᠥᠮᠦᠨ ᠥᠪᠡᠷ ᠦᠨ ᠢᠶᠠᠨ ᠵᠠᠮ ᠢ ᠬᠡᠷᠬᠢᠨ ᠮᠡᠳᠡᠬᠦ ᠪᠤᠢ︖
25 ᠲᠦᠷᠭᠡᠨ ᠠᠮᠠᠯᠠᠭᠰᠠᠨ ᠤ ᠪᠠᠨ ᠬᠣᠢᠨ᠎ᠠ ᠲᠠᠩ᠋ᠭᠠᠷᠢᠭᠯᠠᠭᠰᠠᠨ ᠢᠶᠠᠨ ᠪᠣᠳᠣᠬᠤ ᠨᠢ ᠬᠥᠮᠦᠨ ᠦ ᠤᠷᠠᠬ᠎ᠠ᠃
26 ᠮᠡᠷᠭᠡᠨ ᠬᠠᠭᠠᠨ ᠪᠤᠷᠤᠭᠤᠲᠠᠨ ᠢ ᠰᠢᠭᠰᠢᠵᠦ ᠳᠡᠭᠡᠷ᠎ᠡ ᠡᠴᠡ ᠨᠢ ᠲᠡᠭᠡᠷᠮᠡᠳᠡᠨᠡ᠃
27 ᠶᠣᠬᠣᠸᠠ ᠶᠢᠨ ᠳ᠋ᠧᠩ᠂ ᠬᠥᠮᠦᠨ ᠦ ᠰᠦᠨᠡᠰᠦ ᠭᠦᠨ ᠳᠣᠲᠣᠷᠠᠬᠢ ᠪᠦᠬᠦᠨ ᠢ ᠨᠢ ᠰᠢᠯᠭᠠᠭᠴᠢ᠃
28 ᠬᠠᠢᠷ᠎ᠠ ᠬᠢᠭᠡᠳ ᠦᠨᠡᠨ ᠬᠠᠭᠠᠨ ᠢ ᠬᠠᠮᠠᠭᠠᠯᠠᠨ᠎ᠠ ᠬᠠᠢᠷ᠎ᠠ ᠨᠢ ᠲᠡᠭᠦᠨ ᠦ ᠰᠡᠨᠲᠢ ᠶᠢ ᠪᠡᠬᠢᠵᠢᠭᠦᠯᠦᠨ᠎ᠡ᠃
29 ᠪᠢᠷ᠎ᠠ ᠨᠢ ᠵᠠᠯᠠᠭᠤᠰ ᠤᠨ ᠠᠯᠳᠠᠷ ᠪᠤᠭᠤᠷᠤᠯ ᠨᠢ ᠥᠲᠡᠭᠦᠰ ᠦᠨ ᠰᠦᠷ᠃
30 ᠬᠣᠷᠣᠨ ᠮᠠᠭᠤ ᠶᠢ ᠲᠠᠰᠢᠭᠤᠷ ᠤᠨ ᠰᠢᠷᠬ᠎ᠠ ᠤᠬᠢᠶᠠᠨ᠎ᠠ ᠬᠠᠮᠤᠭ ᠤᠨ ᠳᠣᠲᠣᠷ᠎ᠠ ᠵᠦᠢᠯᠡᠰ ᠢ ᠨᠢ ᠵᠣᠳᠣᠭᠤᠷ ᠴᠡᠪᠡᠷᠯᠡᠨ᠎ᠡ᠃