1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠬᠣᠷᠢᠨ ᠳᠣᠯᠣᠭ᠎ᠠ
1 ᠮᠠᠷᠭᠠᠰᠢ ᠪᠠᠷ ᠪᠦᠦ ᠰᠠᠢᠷᠬ᠎ᠠ ᠲᠡᠷᠡ ᠡᠳᠦᠷ ᠶᠠᠭᠤ ᠪᠣᠯᠬᠤ ᠶᠢ ᠴᠢ ᠮᠡᠳᠡᠬᠦ ᠦᠭᠡᠢ᠃
2 ᠥᠪᠡᠷ ᠦᠨ ᠴᠢᠨᠢ ᠠᠮᠠ ᠪᠢᠰᠢ᠂ ᠥᠭᠡᠷ᠎ᠡ ᠬᠥᠮᠦᠨ ᠴᠢᠮᠠᠶᠢ ᠮᠠᠭᠲᠠᠭ ᠥᠪᠡᠷ ᠦᠨ ᠴᠢᠨᠢ ᠣᠷᠣᠭᠤᠯ ᠪᠢᠰᠢ᠂ ᠭᠠᠳᠠᠨᠠᠬᠢ ᠬᠥᠮᠦᠨ ᠮᠠᠭᠲᠠᠭ᠃
3 ᠬᠠᠳᠠ ᠵᠢᠩ ᠲᠠᠢ᠂ ᠡᠯᠡᠰᠦ ᠬᠦᠨᠳᠦ ᠲᠡᠨᠡᠭ ᠦᠨ ᠠᠭᠤᠷ ᠲᠡᠷᠡ ᠬᠣᠶᠠᠷ ᠠᠴᠠ ᠬᠦᠨᠳᠦ᠃
4 ᠬᠢᠯᠢᠩ ᠨᠢ ᠰᠢᠷᠦᠭᠦᠨ᠂ ᠠᠭᠤᠷ ᠨᠢ ᠠᠭᠠᠳᠠᠷ ᠪᠣᠷᠣᠭ᠎ᠠ ᠪᠠᠢᠳᠠᠭ ᠪᠣᠯ ᠬᠠᠷᠠᠳᠠᠯᠭ᠎ᠠ ᠶᠢᠨ ᠡᠮᠦᠨ᠎ᠡ ᠬᠡᠨ ᠵᠣᠭᠰᠣᠵᠤ ᠴᠢᠳᠠᠬᠤ ᠪᠤᠢ︖
5 ᠳᠠᠯᠳᠠ ᠬᠠᠢᠷ᠎ᠠ ᠠᠴᠠ ᠢᠯᠡ ᠵᠢᠮᠡᠯᠡᠯ᠃
6 ᠬᠠᠢᠷᠠᠲᠠᠢ ᠨᠢᠭᠡᠨ ᠦ ᠴᠣᠬᠢᠬᠤ ᠨᠢ ᠦᠨᠡᠨ ᠴᠤ ᠥᠰᠢᠶᠡᠲᠡᠨ ᠦ ᠦᠨᠦᠰᠬᠦ ᠨᠢ ᠣᠯᠠᠨ᠃
7 ᠴᠠᠳᠬᠤᠯᠠᠩ ᠬᠥᠮᠦᠨ ᠳᠦ ᠪᠠᠯ ᠴᠤ ᠵᠠᠯᠬᠠᠮᠠᠷ ᠥᠯᠥᠰᠬᠥᠯᠡᠩ ᠬᠥᠮᠦᠨ ᠳᠦ ᠭᠠᠰᠢᠭᠤᠨ ᠪᠦᠬᠦᠨ ᠠᠮᠲᠠᠲᠠᠢ᠃
8 ᠨᠤᠲᠤᠭ ᠠᠴᠠ ᠪᠠᠨ ᠳᠠᠢᠵᠢᠭᠰᠠᠨ ᠬᠥᠮᠦᠨ ᠡᠭᠦᠷ ᠡᠴᠡ ᠪᠡᠨ ᠳᠠᠢᠵᠢᠭᠰᠠᠨ ᠰᠢᠪᠠᠭᠤ᠃
9 ᠲᠣᠰᠣ ᠬᠢᠭᠡᠳ ᠦᠨᠦᠷᠲᠡᠨ ᠵᠢᠷᠦᠬᠡᠨ ᠳᠦ ᠲᠠᠭᠠᠲᠠᠢ ᠠᠨᠳᠠ ᠶᠢᠨ ᠦᠨᠡᠨᠴᠢ ᠵᠥᠪᠯᠡᠯᠭᠡ ᠠᠶᠠᠲᠠᠢ᠃
10 ᠠᠨᠳᠠ ᠬᠢᠭᠡᠳ ᠠᠪᠤ ᠶᠢᠨ ᠢᠶᠠᠨ ᠨᠠᠢᠵᠢ ᠶᠢ ᠪᠦᠦ ᠣᠷᠬᠢ ᠠᠶᠤᠯ ᠤᠨ ᠡᠳᠦᠷ ᠠᠬ᠎ᠠ ᠳᠡᠭᠦᠦ ᠳᠡᠭᠡᠨ ᠪᠢᠲᠡᠭᠡᠢ ᠣᠴᠢ ᠠᠯᠤᠰ ᠰᠠᠭᠤᠭ᠎ᠠ ᠠᠬ᠎ᠠ ᠠᠴᠠ ᠣᠢᠷ᠎ᠠ ᠪᠠᠢᠭ᠎ᠠ ᠬᠥᠷᠰᠢ᠃
11 ᠬᠦᠦ ᠮᠢᠨᠢ᠂ ᠴᠢ ᠮᠡᠷᠭᠡᠨ ᠪᠠᠢᠵᠤ ᠰᠡᠳᠬᠢᠯ ᠢ ᠮᠢᠨᠢ ᠪᠠᠶᠠᠰᠬ᠎ᠠ ᠥᠭᠡᠯᠡᠭᠳᠡᠬᠦ ᠳᠡᠭᠡᠨ ᠪᠢ ᠬᠠᠷᠢᠭᠤᠯᠬᠤ ᠦᠭᠡ ᠣᠯᠬᠤ ᠪᠣᠯᠣᠨ᠎ᠠ᠃
12 ᠠᠶᠤᠯ ᠢ ᠬᠠᠷᠠᠭᠠᠳ ᠬᠡᠷᠰᠡᠦ ᠨᠢ ᠳᠠᠯᠳᠠᠯᠠᠳᠠᠭ ᠭᠡᠨᠡᠨ ᠨᠢ ᠣᠴᠢᠭᠠᠳ ᠬᠣᠣᠷᠯᠠᠭᠳᠠᠨ᠎ᠠ᠃
13 ᠲᠠᠨᠢᠯ ᠪᠤᠰᠤ ᠶᠢ ᠪᠠᠲᠤᠯᠠᠨ ᠳᠠᠭᠠᠭᠠᠭᠴᠢ ᠶᠢᠨ ᠳᠡᠪᠡᠯ ᠢ ᠠᠪ ᠬᠠᠷᠢ ᠬᠥᠮᠦᠨ ᠢ ᠪᠠᠲᠤᠯᠠᠨ ᠳᠠᠭᠠᠭᠠᠭᠴᠢ ᠶᠢ ᠪᠠᠷᠢᠴᠠᠭᠠᠨ ᠳᠤ ᠠᠪ᠃
14 ᠥᠷᠯᠥᠭᠡ ᠡᠷᠲᠡ ᠬᠥᠷᠰᠢ ᠪᠠᠨ ᠥᠨᠳᠥᠷ ᠳᠠᠭᠤ ᠪᠠᠷ ᠢᠷᠥᠭᠡᠪᠡᠯ ᠬᠠᠷᠢᠶᠠᠯ ᠳᠤ ᠲᠣᠭᠠᠴᠠᠭᠳᠠᠨ᠎ᠠ᠃
15 ᠪᠣᠷᠣᠭᠠᠨ ᠲᠠᠢ ᠡᠳᠦᠷ ᠦᠨ ᠵᠣᠭᠰᠣᠯ ᠦᠭᠡᠢ ᠳᠤᠰᠤᠯ ᠬᠡᠷᠡᠭᠦᠯᠴᠢ ᠡᠬᠡᠨᠡᠷ ᠬᠣᠶᠠᠷ ᠶᠠᠭ ᠠᠳᠠᠯᠢ
16 ᠲᠡᠭᠦᠨ ᠢ ᠡᠷᠬᠡᠰᠢᠶᠡᠬᠦ ᠨᠢ ᠰᠠᠯᠬᠢ ᠶᠢ ᠡᠷᠬᠡᠰᠢᠶᠡᠬᠦ ᠭᠠᠷ ᠢᠶᠠᠷ ᠢᠶᠠᠨ ᠲᠣᠰᠣ ᠶᠢ ᠠᠳᠬᠤᠬᠤ᠃
17 ᠲᠡᠮᠦᠷ ᠲᠡᠮᠦᠷ ᠢᠶᠡᠨ ᠬᠤᠷᠴᠠᠯᠠᠵᠤ ᠬᠥᠮᠦᠨ ᠬᠥᠮᠦᠨ ᠢᠶᠡᠨ ᠬᠤᠷᠴᠠᠯᠠᠨ᠎ᠠ᠃
18 ᠢᠨᠵᠢᠷ ᠤᠨ ᠮᠣᠳᠣ ᠶᠢ ᠠᠷᠠᠴᠢᠯᠠᠭᠴᠢ ᠵᠢᠮᠢᠰ ᠢ ᠨᠢ ᠠᠮᠰᠠᠨ᠎ᠠ ᠡᠵᠡᠨ ᠢᠶᠡᠨ ᠠᠴᠢᠯᠠᠭᠴᠢ ᠠᠯᠳᠠᠷ ᠢ ᠣᠯᠣᠨ᠎ᠠ᠃
19 ᠨᠢᠭᠤᠷ ᠨᠢ ᠨᠢᠭᠤᠷ ᠢ ᠤᠰᠤᠨ ᠳᠤ ᠬᠥᠮᠦᠨ ᠨᠢ ᠬᠥᠮᠦᠨ ᠢ ᠵᠢᠷᠦᠬᠡᠨ ᠳᠦ᠃
20 ᠦᠬᠦᠯ ᠰᠦᠢᠷᠡᠯ ᠦᠨ ᠣᠷᠣᠨ ᠴᠠᠳᠬᠤ ᠦᠭᠡᠢ ᠬᠥᠮᠦᠨ ᠦ ᠨᠢᠳᠦ ᠬᠠᠨᠤᠬᠤ ᠦᠭᠡᠢ᠃
21 ᠮᠥᠩᠭᠥ ᠶᠢ ᠬᠠᠢᠯᠤᠭᠤᠷ ᠢᠶᠠᠷ ᠠᠯᠲᠠ ᠶᠢ ᠬᠢᠰᠠ ᠪᠠᠷ ᠬᠥᠮᠦᠨ ᠢ ᠰᠠᠢᠰᠢᠶᠠᠯ ᠢᠶᠠᠷ ᠰᠢᠯᠭᠠᠨ᠎ᠠ᠃
22 ᠮᠤᠩ᠋ᠬᠠᠭ ᠢ ᠪᠤᠳᠠᠭ᠎ᠠ ᠲᠠᠢ ᠬᠠᠮᠲᠤ ᠣᠭᠣᠷ ᠲᠤ ᠬᠢᠵᠦ ᠨᠦᠳᠦᠭᠰᠡᠨ ᠴᠤ ᠮᠤᠩ᠋ᠬᠠᠭ ᠨᠢ ᠠᠷᠢᠯᠬᠤ ᠦᠭᠡᠢ᠃

23 ᠮᠠᠯ ᠤᠨ ᠢᠶᠠᠨ ᠪᠠᠢᠳᠠᠯ ᠢ ᠰᠠᠢᠲᠤᠷ ᠮᠡᠳᠡ ᠰᠦᠷᠦᠭ ᠲᠡᠭᠡᠨ ᠰᠡᠳᠬᠢᠯ ᠲᠠᠯᠪᠢ᠂
24 ᠥᠮᠴᠢ ᠡᠭᠦᠷᠢᠳᠡ ᠶᠢᠨ ᠬᠢ ᠪᠢᠰᠢ ᠲᠢᠲᠢᠮ ᠦᠶ᠎ᠡ ᠶᠢᠨ ᠦᠶ᠎ᠡ ᠶᠢᠨ ᠬᠢ ᠪᠢᠰᠢ᠂
25 ᠤᠷᠭᠤᠮᠠᠯ ᠨᠣᠭᠣᠭ᠎ᠠ ᠬᠠᠭᠳᠠᠷᠠᠪᠠᠴᠤ ᠰᠢᠨ᠎ᠡ ᠨᠢ ᠳᠠᠬᠢᠭᠠᠳ ᠦᠵᠡᠭᠳᠡᠨ᠎ᠡ ᠠᠭᠤᠯᠠ ᠶᠢᠨ ᠡᠪᠡᠰᠦ ᠪᠠᠰᠠ ᠬᠠᠳᠤᠭᠳᠠᠨ᠎ᠠ᠂
26 ᠬᠣᠨᠢ ᠴᠢᠨᠢ ᠴᠢᠨᠦ ᠬᠤᠪᠴᠠᠰᠤ ᠶᠢ ᠬᠠᠩ᠋ᠭᠠᠵᠤ ᠢᠮᠠᠭ᠎ᠠ ᠴᠢᠨᠢ ᠴᠢᠨᠦ ᠲᠠᠯᠠᠪᠠᠢ ᠶᠢᠨ ᠦᠨ᠎ᠡ ᠪᠣᠯᠣᠨ᠎ᠠ᠂
27 ᠢᠮᠠᠭᠠᠨ ᠤ ᠴᠢᠨᠢ ᠡᠯᠪᠡᠭ ᠰᠦ᠋ ᠥᠪᠡᠷ ᠲᠦ ᠴᠢᠨᠢ᠂ ᠡᠷᠦᠬᠡ ᠶᠢᠨ ᠬᠢᠨ ᠳᠤ ᠴᠢᠨᠢ ᠬᠦᠨᠡᠰᠦ᠂ ᠰᠢᠪᠡᠭᠴᠢᠨ ᠳᠤ ᠴᠢᠨᠢ ᠠᠮᠢᠨ ᠲᠡᠵᠢᠭᠡᠯ ᠪᠣᠯᠣᠨ᠎ᠠ᠃