ᠵᠦᠢᠷ ᠮᠡᠷᠭᠡᠨ ᠦᠭᠡᠰ ᠠᠷᠪᠠᠨ ᠲᠠᠪᠤ
1 ᠵᠥᠭᠡᠯᠡᠨ ᠬᠠᠷᠢᠭᠤ ᠠᠭᠤᠷ ᠨᠠᠮᠳᠠᠭᠠᠨ᠎ᠠ ᠬᠠᠲᠠᠭᠤ ᠦᠭᠡ ᠤᠴᠠᠭᠠᠷ ᠬᠥᠳᠡᠯᠭᠡᠨ᠎ᠡ᠃
2 ᠮᠡᠷᠭᠡᠳ ᠦᠨ ᠬᠡᠯᠡ ᠮᠡᠳᠡᠯᠭᠡ ᠶᠢ ᠰᠠᠢᠨ ᠠᠰᠢᠭᠯᠠᠨ᠎ᠠ ᠮᠤᠩ᠋ᠬᠠᠭ ᠤᠨ ᠠᠮᠠ ᠮᠡᠨᠡᠭ ᠢ ᠴᠢᠳᠬᠤᠨ᠎ᠠ᠃
3 ᠶᠣᠬᠣᠸᠠ ᠶᠢᠨ ᠮᠡᠯᠮᠡᠢ ᠭᠠᠵᠠᠷ ᠪᠣᠯᠭᠠᠨ ᠳᠤ ᠪᠠᠢᠭᠰᠠᠭᠠᠷ ᠰᠠᠢᠨ ᠮᠠᠭᠤ ᠶᠢ ᠬᠠᠷᠠᠭᠤᠯᠳᠠᠭᠰᠠᠭᠠᠷ᠃
4 ᠡᠳᠡᠭᠡᠭᠡᠭᠴᠢ ᠬᠡᠯᠡ ᠠᠮᠢ ᠶᠢᠨ ᠮᠣᠳᠣ ᠪᠠᠴᠢ ᠨᠢ ᠬᠠᠷᠢᠨ ᠰᠡᠳᠬᠢᠯ ᠢ ᠰᠢᠷᠬᠠᠲᠤᠭᠤᠯᠤᠨᠠ᠃
5 ᠡᠴᠢᠭᠡ ᠶᠢᠨ ᠢᠶᠠᠨ ᠰᠤᠷᠭᠠᠯ ᠢ ᠣᠭᠣᠷᠣᠭᠴᠢ ᠨᠢ ᠮᠤᠩ᠋ᠬᠠᠭ ᠵᠢᠮᠡᠯᠡᠯ ᠢ ᠨᠢ ᠠᠩ᠋ᠬᠠᠷᠤᠭᠴᠢ ᠨᠢ ᠬᠡᠷᠰᠡᠦ᠃
6 ᠵᠥᠪᠲᠡᠨ ᠦ ᠭᠡᠷ ᠲᠦ ᠬᠥᠷᠥᠩᠭᠡ ᠡᠯᠪᠡᠭ ᠪᠤᠷᠤᠭᠤᠲᠠᠨ ᠤ ᠣᠷᠣᠯᠭ᠎ᠠ ᠨᠢ ᠤᠷᠰᠢᠭ᠃
7 ᠮᠡᠷᠭᠡᠨ ᠣᠷᠣᠭᠤᠯ ᠮᠡᠳᠡᠯᠭᠡ ᠶᠢ ᠲᠠᠷᠬᠠᠭᠠᠭᠴᠢ ᠮᠤᠩ᠋ᠬᠠᠭ ᠤᠨ ᠪᠣᠳᠣᠯ ᠬᠠᠷᠢᠨ ᠲᠡᠢᠮᠦ ᠪᠢᠰᠢ᠃
8 ᠪᠤᠷᠤᠭᠤᠲᠠᠨ ᠤ ᠲᠠᠬᠢᠯ ᠶᠣᠬᠣᠸᠠ ᠳᠤ ᠵᠢᠭ᠍ᠰᠢᠯ ᠴᠢᠭ᠍ᠴᠢ ᠬᠥᠮᠦᠨ ᠦ ᠳᠠᠭᠠᠳᠬᠠᠯ ᠲᠡᠭᠦᠨ ᠦ ᠲᠠᠭᠠᠯᠠᠯ᠂
9 ᠪᠤᠷᠤᠭᠤᠲᠠᠨ ᠤ ᠵᠠᠮ ᠶᠣᠬᠣᠸᠠ ᠳᠤ ᠵᠢᠭᠰᠢᠭᠦᠷᠢ ᠵᠥᠪ ᠢ ᠳᠠᠭᠠᠭᠴᠢ ᠶᠢ ᠲᠡᠷᠡ ᠬᠠᠢᠷᠠᠯᠠᠨ᠎ᠠ᠃
10 ᠵᠢᠮ ᠢ ᠣᠷᠬᠢᠭᠴᠢ ᠳᠤ ᠭᠡᠰᠬᠡᠯᠲᠡ ᠬᠠᠲᠠᠭᠤ ᠵᠢᠮᠡᠯᠡᠯ ᠢ ᠵᠢᠭ᠍ᠰᠢᠭ᠍ᠴᠢ ᠦᠬᠦᠨ᠎ᠡ᠃
11 ᠦᠬᠦᠭᠰᠡᠳ ᠦᠨ ᠣᠷᠣᠨ ᠪᠠ ᠰᠦᠢᠷᠡᠯ ᠦᠨ ᠭᠠᠵᠠᠷ ᠬᠦᠷᠲᠡᠯ᠎ᠡ ᠡᠵᠡᠨ ᠦ ᠡᠮᠦᠨ᠎ᠡ ᠢᠯᠡ ᠪᠠᠢᠬᠤ ᠳᠤ᠂ ᠬᠥᠮᠦᠨ ᠦ ᠬᠥᠪᠡᠭᠦᠳ ᠦᠨ ᠵᠢᠷᠦᠬᠡ ᠪᠦᠷ ᠴᠤ ᠢᠯᠡ ᠪᠢᠰᠢ ᠤᠤ︖
12 ᠪᠠᠰᠤᠮᠵᠢᠯᠠᠭᠴᠢ ᠨᠢ ᠵᠢᠮᠡᠯᠡᠭᠴᠢ ᠳᠤ ᠳᠤᠷ᠎ᠠ ᠦᠭᠡᠢ ᠪᠠᠰᠠ ᠮᠡᠷᠭᠡᠨ ᠳᠡᠭᠡᠷ᠎ᠡ ᠣᠴᠢᠬᠤ ᠦᠭᠡᠢ᠃
13 ᠰᠡᠳᠬᠢᠯ ᠤᠨ ᠵᠢᠷᠭᠠᠯ ᠵᠢᠰᠦ ᠶᠢ ᠰᠡᠷᠭᠦᠭᠡᠵᠦ ᠰᠡᠳᠬᠢᠯ ᠤᠨ ᠵᠣᠪᠠᠯᠠᠩ ᠤᠷᠮ᠎ᠠ ᠶᠢ ᠬᠤᠭᠤᠯᠤᠨ᠎ᠠ᠃
14 ᠤᠬᠠᠭᠠᠯᠢᠭ ᠰᠡᠳᠬᠢᠯ ᠮᠡᠳᠡᠯᠭᠡ ᠶᠢ ᠬᠠᠢᠨ᠎ᠠ ᠮᠤᠩ᠋ᠬᠠᠭ ᠤᠨ ᠠᠮᠠ ᠲᠡᠨᠡᠭᠯᠡᠯ ᠳᠡᠭᠡᠷ᠎ᠡ ᠪᠡᠯᠴᠢᠨ᠎ᠡ᠃
15 ᠰᠢᠨᠠᠯᠤᠭᠴᠢ ᠶᠢᠨ ᠡᠳᠦᠷ ᠪᠣᠯᠭᠠᠨ ᠨᠢ ᠪᠡᠷᠬᠡ ᠰᠠᠢᠬᠠᠨ ᠰᠡᠳᠬᠢᠯ ᠳᠤ ᠦᠷᠭᠦᠯᠵᠢ ᠶᠢᠨ ᠪᠠᠶᠠᠷ᠃
16 ᠪᠠᠭᠠᠬᠠᠨ ᠶᠠᠭᠤᠮ᠎ᠠ ᠲᠠᠢ ᠴᠤ ᠶᠣᠬᠣᠸᠠ ᠠᠴᠠ ᠡᠮᠢᠶᠡᠬᠦᠢ ᠨᠢ ᠪᠠᠶᠠᠯᠢᠭ ᠶᠡᠬᠡ ᠲᠠᠢ ᠤᠢᠮᠤᠷᠠᠬᠤ ᠠᠴᠠ ᠳᠡᠭᠡᠷ᠎ᠡ᠃
17 ᠦᠬᠡᠷ ᠦᠨ ᠥᠭᠡᠬᠦ ᠢᠳᠡᠵᠦ ᠥᠰᠢᠯᠳᠦᠭᠰᠡᠨ ᠡᠴᠡ ᠬᠠᠷᠠᠰᠤ ᠬᠣᠭᠣᠯᠠ ᠢᠳᠡᠵᠦ ᠬᠠᠢᠷᠠᠯᠠᠯᠴᠠᠭᠰᠠᠨ ᠨᠢ ᠳᠡᠭᠡᠷ᠎ᠡ᠃
18 ᠠᠭᠤᠷᠯᠠᠮᠠᠲᠠᠭᠠᠢ ᠬᠥᠮᠦᠨ ᠮᠠᠷᠭᠤᠭᠠᠨ ᠥᠳᠥᠭᠡᠵᠦ ᠠᠭᠤᠷᠯᠠᠬᠤ ᠳᠠᠭᠠᠨ ᠤᠳᠠᠭᠠᠨ ᠨᠢ ᠬᠡᠷᠡᠭᠦᠯ ᠨᠠᠮᠵᠢᠭᠠᠨᠠ᠃
19 ᠵᠠᠯᠬᠠᠭᠤ ᠶᠢᠨ ᠵᠠᠮ ᠥᠷᠭᠡᠰᠦᠨ ᠰᠢᠪᠡᠭᠡ ᠲᠠᠢ ᠴᠢᠭ᠍ᠴᠢ ᠬᠥᠮᠦᠨ ᠦ ᠵᠢᠮ ᠲᠡᠭᠰᠢᠬᠡᠨ᠃
20 ᠮᠡᠷᠭᠡᠨ ᠬᠦᠦ ᠡᠴᠢᠭᠡ ᠪᠡᠨ ᠪᠠᠶᠠᠰᠬᠠᠨ᠎ᠠ ᠮᠤᠩ᠋ᠬᠠᠭ ᠬᠥᠮᠦᠨ ᠡᠬᠡ ᠪᠡᠨ ᠪᠠᠰᠤᠨᠠ᠃
21 ᠤᠬᠠᠭᠠᠨ ᠳᠤᠲᠠᠮᠠᠭ ᠤᠨ ᠪᠠᠶᠠᠷ ᠨᠢ ᠲᠡᠨᠡᠭᠯᠡᠯ ᠤᠬᠠᠭᠠᠯᠢᠭ ᠬᠥᠮᠦᠨ ᠦ ᠠᠯᠬᠤᠮ ᠨᠢ ᠰᠢᠯᠤᠭᠤᠨ᠃
22 ᠵᠥᠪᠯᠡᠯᠭᠡ ᠦᠭᠡᠢ ᠲᠥᠯᠥᠪᠯᠡᠭᠡ ᠰᠦᠢᠷᠡᠨ᠎ᠡ ᠵᠥᠪᠯᠡᠭᠴᠢ ᠶᠢᠨ ᠣᠯᠠᠨ ᠳᠤ ᠪᠡᠶᠡᠯᠡᠨ᠎ᠡ᠃
23 ᠵᠦᠢ ᠲᠡᠢ ᠬᠠᠷᠢᠭᠤ ᠨᠢ ᠬᠥᠮᠦᠨ ᠦ ᠪᠠᠶᠠᠷ ᠴᠠᠭ ᠢᠶᠠᠨ ᠣᠯᠣᠭᠰᠠᠨ ᠦᠭᠡ ᠶᠠᠭᠤᠲᠠᠢ ᠰᠠᠢᠬᠠᠨ ᠪᠤᠢ︕
24 ᠤᠬᠠᠭᠠᠯᠢᠭ ᠬᠥᠮᠦᠨ ᠠᠮᠢ ᠶᠢᠨ ᠵᠢᠮ ᠢᠶᠠᠷ ᠥᠭᠰᠥᠭᠰᠡᠨ ᠢᠶᠡᠷ ᠢᠶᠠᠨ ᠤᠷᠤᠭᠤᠳᠠᠬᠤ ᠦᠬᠦᠯ ᠦᠨ ᠣᠷᠣᠨ ᠠᠴᠠ ᠠᠩᠭᠢᠵᠢᠷᠠᠨ᠎ᠠ᠃
25 ᠶᠣᠬᠣᠸᠠ ᠪᠠᠷᠳᠠᠮ ᠤᠨ ᠭᠡᠷ ᠢ ᠨᠤᠷᠠᠭᠠᠵᠤ ᠪᠡᠯᠪᠡᠰᠦᠨ ᠦ ᠬᠢᠯᠢ ᠶᠢ ᠪᠠᠲᠤᠯᠠᠳᠠᠭ᠃
26 ᠬᠠᠷ᠎ᠠ ᠰᠠᠨᠠᠭ᠎ᠠ ᠶᠣᠬᠣᠸᠠ ᠳᠤ ᠵᠢᠭᠰᠢᠭᠦᠷᠢ ᠴᠡᠪᠡᠷ ᠶᠠᠷᠢᠶ᠎ᠠ ᠲᠠᠭᠠᠯᠠᠮᠵᠢᠲᠠᠢ᠃
27 ᠵᠥᠪ ᠪᠤᠰᠤ ᠠᠰᠢᠭ ᠬᠣᠨᠵᠢᠭᠴᠢ ᠠᠮᠠ ᠪᠦᠯᠢ ᠪᠠᠨ ᠵᠣᠪᠠᠭᠠᠨ᠎ᠠ ᠬᠠᠬᠤᠤᠯᠢ ᠶᠢ ᠦᠵᠡᠨ ᠶᠠᠳᠠᠭᠴᠢ ᠠᠮᠢᠳᠤ ᠶᠠᠪᠤᠨ᠎ᠠ᠃
28 ᠵᠥᠪᠲᠦ ᠵᠢᠷᠦᠬᠡ ᠬᠠᠷᠢᠭᠤ ᠪᠠᠨ ᠲᠤᠩ᠋ᠭᠠᠵᠤ ᠪᠤᠷᠤᠭᠤᠲᠤ ᠠᠮᠠ ᠮᠠᠭᠤ ᠶᠢ ᠴᠢᠳᠬᠤᠨ᠎ᠠ᠃
29 ᠶᠣᠬᠣᠸᠠ ᠪᠤᠷᠤᠭᠤᠲᠠᠨ ᠠᠴᠠ ᠬᠥᠨᠳᠡᠢ ᠵᠥᠪᠲᠡᠨ ᠦ ᠭᠤᠶᠤᠯᠲᠠ ᠶᠢ ᠲᠡᠷᠡ ᠰᠣᠨᠣᠰᠣᠨ᠎ᠠ᠃
30 ᠭᠡᠷᠡᠯᠲᠦ ᠮᠡᠯᠮᠡᠢ ᠵᠢᠷᠦᠬᠡ ᠶᠢ ᠪᠠᠶᠠᠰᠬᠠᠨ᠎ᠠ ᠰᠠᠢᠨ ᠮᠡᠳᠡᠭᠡ ᠶᠠᠰᠤ ᠶᠢ ᠴᠢᠩ᠋ᠭᠠᠯᠠᠨᠠ᠃
31 ᠠᠮᠢ ᠥᠭᠬᠦ ᠵᠢᠮᠡᠯᠡᠯ ᠢ ᠠᠩ᠋ᠬᠠᠷᠤᠭᠴᠢ ᠴᠢᠬᠢ ᠮᠡᠷᠭᠡᠳ ᠦᠨ ᠳᠤᠮᠳᠠ ᠪᠠᠢᠬᠤ ᠪᠣᠯᠣᠨ᠎ᠠ᠃
32 ᠵᠢᠭᠠᠪᠤᠷᠢ ᠶᠢ ᠦᠯᠦ ᠣᠢᠰᠢᠶᠠᠭᠴᠢ ᠠᠮᠢ ᠪᠠᠨ ᠣᠭᠣᠷᠣᠭᠴᠢ ᠵᠢᠮᠡᠯᠡᠯ ᠢ ᠠᠩ᠋ᠬᠠᠷᠤᠭᠴᠢ ᠤᠬᠠᠭᠠᠷᠠᠯ ᠢ ᠣᠯᠣᠭᠴᠢ᠃
33 ᠮᠡᠷᠭᠡᠨ ᠵᠠᠷᠴᠢᠮ ᠨᠢ ᠶᠣᠬᠣᠸᠠ ᠠᠴᠠ ᠡᠮᠢᠶᠡᠬᠦᠢ ᠳᠥᠯᠭᠡᠨ ᠵᠠᠩ ᠨᠢ ᠠᠯᠳᠠᠷ ᠤᠨ ᠲᠦᠷᠦᠭᠦᠦ᠃