1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠬᠣᠷᠢᠨ ᠭᠤᠷᠪᠠ
1 ᠵᠠᠬᠢᠷᠤᠭᠴᠢ ᠲᠠᠢ ᠬᠠᠮᠲᠤ ᠬᠣᠭᠣᠯᠠᠯᠠᠬᠤ ᠪᠠᠷ ᠰᠠᠭᠤᠬᠤ ᠳᠠᠭᠠᠨ ᠡᠮᠦᠨ᠎ᠡ ᠪᠡᠨ ᠪᠠᠢᠭ᠎ᠠ ᠶᠢ ᠰᠠᠢᠲᠤᠷ ᠪᠤᠯᠭᠤᠭ᠎ᠠ᠂
2 ᠬᠣᠭᠣᠯᠠᠨ ᠳᠤ ᠴᠢ ᠬᠣᠪᠳᠣᠭᠯᠠᠭᠠᠳ ᠪᠠᠢᠪᠠᠯ ᠬᠣᠭᠣᠯᠠᠢ ᠳᠠᠭᠠᠨ ᠬᠢᠲᠤᠭ᠎ᠠ ᠲᠤᠯᠭ᠎ᠠ
3 ᠠᠮᠲᠠᠲᠤ ᠬᠣᠭᠣᠯᠠᠨ ᠳᠤᠨᠢ ᠪᠦᠦ ᠰᠢᠨᠤ ᠬᠣᠭᠣᠯᠠᠨ ᠤ ᠬᠢᠨᠢ ᠴᠠᠭᠠᠨ᠎ᠠ ᠵᠠᠯᠢ ᠮᠡᠬᠡ ᠪᠠᠢᠬᠤ ᠪᠤᠢ᠃
4 ᠪᠠᠶᠠᠨ ᠪᠣᠯᠬᠤ ᠭᠡᠵᠦ ᠪᠦᠦ ᠦᠬᠦᠯᠳᠡ ᠮᠡᠷᠭᠡᠨ ᠪᠠᠢᠵᠤ ᠲᠡᠭᠡᠬᠦ ᠶᠢ ᠪᠣᠯᠢ᠂
5 ᠠᠯᠠᠭ᠎ᠠ ᠪᠣᠯᠬᠤ ᠲᠡᠭᠦᠨ ᠤᠷᠤᠭᠤ ᠠᠩ᠋ᠬᠠᠷᠤᠯ ᠲᠠᠯᠪᠢᠵᠤ ᠶᠠᠭᠠᠬᠢᠬᠤ ᠪᠤᠢ︖ ᠲᠡᠷᠡ ᠪᠡᠷ ᠭᠡᠨᠡᠳᠲᠡ ᠵᠢᠭᠦᠷ ᠤᠷᠭᠤᠭᠠᠳ ᠲᠩᠷᠢ ᠳᠤ ᠪᠦᠷᠭᠦᠳ ᠰᠢᠭ ᠨᠢᠰᠦᠨ᠎ᠡ᠃
6 ᠬᠠᠷᠠᠮᠴᠢ ᠬᠥᠮᠦᠨ ᠦ ᠢᠳᠡᠭᠡ ᠶᠢ ᠪᠦᠦ ᠢᠳᠡ ᠠᠮᠲᠠᠲᠤ ᠬᠣᠭᠣᠯᠠᠨ ᠳᠤᠨᠢ ᠴᠤ ᠪᠦᠦ ᠰᠢᠨᠤ᠂
7 ᠪᠣᠳᠣᠯ ᠨᠢ ᠡᠢᠮᠦ᠂ ᠰᠡᠳᠬᠢᠯ ᠨᠢ ᠲᠡᠢᠮᠦ᠂ ᠥᠪᠡᠷ ᠲᠦ ᠴᠢᠨᠢ 《ᠢᠳᠡ᠂ ᠤᠤᠭᠤ︕》 ᠬᠡᠮᠡᠪᠡᠴᠦ ᠰᠠᠨᠠᠭ᠎ᠠ ᠨᠢ ᠴᠢᠮ᠎ᠠ ᠲᠠᠢ ᠨᠡᠢᠯᠡᠬᠦ ᠦᠭᠡᠢ᠂
8 ᠢᠳᠡᠭᠰᠡᠨ ᠵᠢᠭᠠᠬᠠᠨ ᠶᠠᠭᠤᠮ᠎ᠠ ᠪᠠᠨ ᠴᠤ ᠴᠢ ᠤᠭᠢᠵᠤ ᠭᠠᠷᠭᠠᠨ᠎ᠠ ᠬᠡᠯᠡᠭᠰᠡᠨ ᠰᠠᠢᠬᠠᠨ ᠦᠭᠡᠰ ᠴᠢᠨᠢ ᠲᠠᠯᠠᠭᠠᠷ ᠪᠣᠯᠣᠨ᠎ᠠ᠃
9 ᠮᠤᠩ᠋ᠬᠠᠭ ᠤᠨ ᠴᠢᠬᠢᠨ ᠳᠤ ᠶᠠᠭᠤᠮ᠎ᠠ ᠪᠦᠦ ᠶᠠᠷᠢ ᠮᠡᠷᠭᠡᠨ ᠦᠭᠡ ᠶᠢ ᠴᠢᠨᠢ ᠲᠡᠷᠡ ᠪᠠᠰᠤᠮᠵᠢᠯᠠᠨ᠎ᠠ᠃
10 ᠡᠷᠲᠡᠨ ᠦ ᠬᠢᠯᠢ ᠶᠢᠨ ᠲᠡᠮᠳᠡᠭ ᠢ ᠪᠦᠦ ᠥᠭᠡᠷᠡᠴᠢᠯᠡ ᠥᠨᠥᠴᠢᠨ ᠤ ᠲᠠᠯᠠᠪᠠᠢ ᠲᠠᠢ ᠪᠦᠦ ᠬᠠᠯᠳᠠ
11 ᠲᠡᠭᠦᠨ ᠢ ᠵᠣᠯᠢᠭᠴᠢ ᠨᠢᠭᠡᠨ ᠨᠢ ᠬᠦᠴᠦᠲᠡᠢ ᠲᠡᠷᠡ ᠲᠡᠳᠡᠨ ᠢ ᠥᠮᠥᠭᠯᠡᠨ᠎ᠡ᠃
12 ᠵᠢᠷᠦᠬᠡ ᠪᠡᠨ ᠵᠢᠭᠠᠪᠤᠷᠢ ᠳᠤ ᠵᠦᠭᠯᠡᠭᠦᠯ ᠴᠢᠬᠢ ᠪᠠᠨ ᠮᠡᠳᠡᠯᠭᠡ ᠶᠢᠨ ᠦᠭᠡᠨ ᠳᠦ ᠬᠠᠨᠳᠤᠭᠤᠯ᠃
13 ᠬᠡᠦᠬᠡᠳ ᠢ ᠰᠠᠬᠢᠯᠭᠠᠵᠢᠭᠤᠯᠬᠤ ᠠᠴᠠ ᠪᠦᠦ ᠤᠬᠤᠷᠢ ᠰᠢᠯᠪᠢᠭᠦᠷᠳᠡᠭᠰᠡᠨ ᠴᠤ ᠲᠡᠷᠡ ᠦᠬᠦᠴᠢᠬᠡᠬᠦ ᠦᠭᠡᠢ
14 ᠡᠢᠮᠦ ᠡᠴᠡ ᠴᠢ ᠰᠢᠯᠪᠢᠭᠦᠷᠳᠡ ᠠᠮᠢ ᠶᠢ ᠨᠢ ᠦᠬᠦᠯ ᠡᠴᠡ ᠠᠪᠤᠷᠠ᠃
15 ᠬᠦᠦ ᠮᠢᠨᠢ᠂ ᠴᠢᠨᠦ ᠵᠢᠷᠦᠬᠡ ᠮᠡᠷᠭᠡᠨ ᠪᠣᠯ ᠮᠢᠨᠦ ᠵᠢᠷᠦᠬᠡ ᠪᠠᠶᠠᠷᠯᠠᠨ᠎ᠠ᠂
16 ᠴᠢᠨᠦ ᠣᠷᠣᠭᠤᠯ ᠴᠢᠭ᠍ᠴᠢ ᠶᠢ ᠶᠠᠷᠢᠬᠤ ᠳᠤ ᠮᠢᠨᠦ ᠰᠡᠳᠬᠢᠯ ᠪᠠᠶᠠᠰᠤᠨ᠎ᠠ᠂
17 ᠵᠢᠷᠦᠬᠡ ᠴᠢᠨᠢ ᠨᠢᠭᠦᠯᠲᠡᠨ ᠳᠦ ᠪᠦᠦ ᠠᠲᠠᠭᠠᠷᠬᠠᠭ ᠡᠳᠦᠷ ᠪᠦᠷᠢ ᠶᠣᠬᠣᠸᠠ ᠠᠴᠠ ᠡᠮᠢᠶᠡᠬᠦᠢ ᠳᠣᠲᠣᠷ᠎ᠠ ᠪᠠᠢ᠃
18 ᠲᠡᠢᠨ ᠬᠦ ᠴᠢ ᠦᠨᠡᠬᠡᠷ ᠢᠷᠡᠭᠡᠳᠦᠢ ᠲᠡᠢ ᠪᠠᠢᠵᠤ ᠨᠠᠢᠳᠠᠪᠤᠷᠢ ᠴᠢᠨᠢ ᠲᠠᠰᠤᠷᠠᠬᠤ ᠦᠭᠡᠢ
19 ᠬᠦᠦ ᠮᠢᠨᠢ᠂ ᠰᠣᠨᠣᠰ᠂ ᠮᠡᠷᠭᠡᠨ ᠪᠠᠢ᠂ ᠵᠢᠷᠦᠬᠡ ᠪᠡᠨ ᠵᠥᠪ ᠵᠠᠮ ᠳᠤ ᠴᠢᠭᠯᠡᠭᠦᠯ᠃
20 ᠠᠷᠢᠬᠢᠨ ᠳᠤ ᠠᠪᠲᠠᠭᠰᠠᠳ ᠮᠢᠬᠠᠨ ᠳᠤ ᠬᠣᠪᠳᠣᠭᠯᠠᠭᠰᠠᠳ ᠲᠠᠢ ᠪᠦᠦ ᠨᠡᠢᠯᠡ᠃
21 ᠢᠳᠡᠮᠡᠬᠡᠢ ᠤᠤᠭᠤᠮᠠᠬᠠᠢ ᠬᠥᠮᠦᠰ ᠬᠣᠭᠣᠰᠣᠷᠠᠨ᠎ᠠ ᠤᠨᠲᠠᠩ᠋ᠬᠠᠢ ᠪᠣᠯ ᠤᠷᠠᠩ᠋ᠬᠠᠢ ᠬᠤᠪᠴᠠᠰᠤᠯᠠᠨ᠎ᠠ᠃

22 ᠥᠪᠡᠷ ᠦᠨ ᠲᠥᠷᠥᠭᠰᠡᠨ ᠡᠴᠢᠭᠡ ᠶᠢᠨ ᠬᠢ ᠶᠢ ᠰᠣᠨᠣᠰ ᠡᠬᠡ ᠪᠡᠨ ᠥᠲᠡᠯᠬᠦ ᠳᠦᠨᠢ ᠪᠦᠦ ᠪᠠᠰᠤ᠃
23 ᠦᠨᠡᠨ ᠢ ᠬᠤᠳᠠᠯᠳᠤᠵᠤ ᠠᠪ᠂ ᠪᠦᠦ ᠬᠤᠳᠠᠯᠳᠤ ᠮᠡᠷᠭᠡᠨ ᠤᠬᠠᠭᠠᠨ᠂ ᠵᠢᠭᠠᠪᠤᠷᠢ᠂ ᠣᠶᠤᠨ ᠢ ᠴᠤ ᠲᠡᠷᠡ᠃
24 ᠵᠥᠪᠲᠦ ᠬᠥᠮᠦᠨ ᠦ ᠡᠴᠢᠭᠡ ᠶᠡᠬᠡ ᠪᠡᠷ ᠪᠠᠶᠠᠷᠯᠠᠨ᠎ᠠ ᠮᠡᠷᠭᠡᠨ ᠢ ᠲᠥᠷᠥᠭᠦᠯᠦᠭᠴᠢ ᠨᠢ ᠲᠡᠭᠦᠨ ᠳᠡᠭᠡᠨ ᠪᠠᠶᠠᠰᠤᠨ᠎ᠠ᠃
25 ᠡᠴᠢᠭᠡ ᠡᠬᠡ ᠪᠡᠨ ᠪᠠᠶᠠᠰᠬ᠎ᠠ ᠲᠥᠷᠥᠭᠦᠯᠦᠭᠰᠡᠨ ᠡᠬᠡ ᠪᠡᠨ ᠵᠢᠷᠭᠠᠭ᠎ᠠ᠃

26 ᠬᠦᠦ ᠮᠢᠨᠢ᠂ ᠵᠢᠷᠦᠬᠡ ᠪᠡᠨ ᠨᠠᠳᠠ ᠳᠤ ᠥᠭ ᠨᠢᠳᠦ ᠴᠢᠨᠢ ᠵᠠᠮ ᠢ ᠮᠢᠨᠢ ᠲᠠᠭᠠᠯᠠᠭ᠃
27 ᠶᠠᠩ᠋ᠬᠠᠨ ᠭᠦᠨ ᠨᠦᠬᠡ ᠰᠠᠳᠤᠷ ᠡᠮ᠎ᠡ ᠳᠠᠪᠴᠢᠭᠤ ᠬᠤᠳᠳᠤᠭ᠂
28 ᠲᠡᠷᠡ ᠡᠭᠡᠭᠡ ᠯᠠ ᠳᠡᠭᠡᠷᠡᠮᠴᠢᠨ ᠠᠳᠠᠯᠢ ᠣᠲᠣᠵᠤ ᠢᠲᠡᠭᠡᠯ ᠡᠪᠳᠡᠭᠰᠡᠳ ᠦᠨ ᠲᠣᠭ᠎ᠠ ᠶᠢ ᠣᠯᠠᠰᠢᠷᠠᠭᠤᠯᠤᠨ᠎ᠠ᠃

29 ᠵᠣᠯ ᠦᠭᠡᠢ ᠨᠢ ᠬᠡᠨ ᠪᠤᠢ︖ ᠵᠣᠪᠠᠯᠠᠩ ᠲᠠᠢ ᠨᠢ ᠬᠡᠨ ᠪᠤᠢ︖ ᠮᠠᠷᠭᠤᠭᠠᠨ ᠲᠠᠢ ᠨᠢ ᠬᠡᠨ ᠪᠤᠢ︖ ᠭᠣᠮᠣᠳᠠᠯ ᠲᠠᠢ ᠨᠢ ᠬᠡᠨ ᠪᠤᠢ︖ ᠤᠴᠢᠷ ᠰᠢᠯᠲᠠᠭᠠᠨ ᠦᠭᠡᠢ ᠰᠢᠷᠬᠠᠯᠠᠭᠴᠢ ᠨᠢ ᠬᠡᠨ ᠪᠤᠢ︖ ᠤᠯᠠᠭᠠᠨ ᠨᠢᠳᠦ ᠲᠠᠢ ᠨᠢ ᠬᠡᠨ ᠪᠤᠢ︖
30 ᠲᠡᠳᠡ ᠳᠠᠷᠠᠰᠤᠨ ᠳᠤ ᠬᠣᠷᠭᠣᠳᠠᠭᠰᠠᠳ ᠨᠡᠷᠡᠭᠰᠡᠨ ᠳᠠᠷᠠᠰᠤ ᠬᠠᠢᠭᠰᠠᠳ
31 ᠤᠤᠯ ᠳᠠᠷᠠᠰᠤ ᠤᠯᠠᠭᠠᠷᠠᠨ ᠪᠠᠢᠬᠤ ᠳᠤᠨᠢ ᠬᠤᠨᠳᠠᠭᠠᠨ ᠤ ᠥᠩᠭᠡ ᠶᠢ ᠬᠤᠪᠢᠷᠠᠭᠠᠵᠤ ᠪᠦᠬᠦᠢ ᠳᠦᠨᠢ ᠭᠣᠶᠣᠬᠠᠨ ᠢᠶᠠᠷ ᠳᠣᠷᠣᠭᠰᠢ ᠭᠣᠭᠣᠵᠢᠵᠤ ᠠᠬᠤᠢ ᠳᠤᠨᠢ ᠭᠣᠷᠢᠳᠠᠵᠤ ᠪᠢᠲᠡᠭᠡᠢ ᠬᠠᠷᠠ᠂
32 ᠰᠡᠭᠦᠯ ᠳᠦᠨᠢ ᠲᠡᠷᠡ ᠮᠣᠭᠠᠢ ᠮᠡᠲᠦ ᠬᠠᠵᠠᠨ᠎ᠠ ᠬᠣᠣᠷᠲᠤ ᠮᠣᠭᠠᠢ ᠮᠡᠲᠦ ᠬᠠᠳᠬᠤᠨ᠎ᠠ
33 ᠨᠢᠳᠦ ᠴᠢᠨᠢ ᠬᠠᠴᠢᠨ ᠶᠠᠭᠤᠮ᠎ᠠ ᠬᠠᠷᠠᠨ᠎ᠠ ᠰᠡᠳᠬᠢᠯ ᠡᠴᠡ ᠴᠢᠨᠢ ᠭᠠᠵᠢᠭᠤ ᠶᠠᠭᠤᠮ᠎ᠠ ᠭᠠᠷᠤᠨ᠎ᠠ᠂
34 ᠳᠠᠯᠠᠢ ᠶᠢᠨ ᠭᠦᠨ ᠳᠦ ᠬᠡᠪᠲᠡᠵᠦ ᠪᠠᠢᠭ᠎ᠠ ᠮᠡᠲᠦ ᠳᠠᠷᠪᠠᠭᠤᠯ ᠤᠨ ᠳᠡᠭᠡᠷ᠎ᠡ ᠬᠡᠪᠲᠡᠵᠦ ᠪᠠᠢᠭ᠎ᠠ ᠮᠡᠲᠦ ᠪᠣᠯᠣᠨ᠎ᠠ᠂
35 《ᠴᠣᠬᠢᠭᠤᠯᠤᠭᠰᠠᠨ ᠴᠤ ᠡᠪᠡᠳᠦᠭᠡ ᠦᠭᠡᠢ ᠵᠣᠳᠣᠭᠤᠯᠤᠭᠰᠠᠨ ᠴᠤ ᠮᠡᠳᠡᠭᠡ ᠦᠭᠡᠢ ᠪᠢ ᠬᠡᠵᠢᠶ᠎ᠡ ᠰᠡᠷᠢᠬᠦ ᠶᠤᠮ ᠪᠣᠯ︖ ᠳᠠᠬᠢᠭᠠᠳ ᠲᠡᠭᠦᠨ ᠢ ᠪᠠᠨ ᠡᠷᠢᠶ᠎ᠡ》 ᠭᠡᠵᠦ ᠬᠡᠯᠡᠨ᠎ᠡ᠃