ᠬᠣᠶᠠᠳᠤᠭᠠᠷ ᠲᠢᠮᠣᠲ ᠨᠢᠭᠡ
1 ᠪᠤᠷᠬᠠᠨ ᠤ ᠰᠠᠨᠠᠭ᠎ᠠ ᠪᠠᠷ᠂ ᠮᠥᠨ ᠾᠷᠢᠰᠲ᠋ᠣᠰ ᠢᠰᠦ᠋ᠰ ᠤᠨ ᠳᠣᠲᠣᠷᠠᠬᠢ ᠠᠮᠢ ᠶᠢᠨ ᠠᠮᠠᠯᠠᠯᠲᠠ ᠶᠢᠨ ᠲᠥᠯᠥᠭᠡ ᠾᠷᠢᠰᠲ᠋ᠣᠰ ᠢᠰᠦ᠋ᠰ ᠤᠨ ᠰᠢᠳᠠᠷ ᠱᠠᠪᠢ ᠪᠣᠯᠣᠭᠰᠠᠨ ᠫᠠᠦ᠋ᠯ ᠡᠴᠡ 2 ᠬᠠᠢᠷᠠᠲᠤ ᠬᠦᠦ ᠲᠢᠮᠣᠲ ᠲᠤ᠄
ᠪᠠᠶᠠᠷ ᠤᠨ ᠮᠡᠳᠡᠭᠡᠨ ᠳᠦ ᠦᠨᠡᠨᠴᠢ ᠪᠠᠢ
3 ᠪᠢ ᠡᠳᠦᠷ ᠰᠥᠨᠢ ᠦᠭᠡᠢ ᠳᠠᠭᠠᠳᠬᠠᠬᠤ ᠳᠠᠭᠠᠨ ᠴᠢᠮᠠᠶᠢ ᠲᠠᠰᠤᠷᠠᠯᠲᠠ ᠦᠭᠡᠢ ᠰᠠᠨᠠᠨ᠂ ᠪᠤᠷᠬᠠᠨ (ᠪᠢ ᠲᠡᠭᠦᠨ ᠢ ᠳᠡᠭᠡᠳᠦᠰ ᠦᠨ ᠢᠶᠠᠨ ᠠᠳᠠᠯᠢ ᠴᠡᠪᠡᠷᠬᠡᠨ ᠮᠥᠰᠥ ᠴᠢᠨᠠᠷ ᠢᠶᠠᠷ ᠪᠢᠰᠢᠷᠡᠵᠦ ᠪᠤᠢ᠃) ᠳᠠᠭᠠᠨ ᠲᠠᠯᠠᠷᠬᠠᠳᠠᠭ᠂ 4 ᠪᠢ ᠴᠢᠨᠦ ᠨᠢᠯᠪᠤᠰᠤ ᠶᠢ ᠰᠠᠨᠠᠳᠠᠭ᠂ ᠪᠠᠶᠠᠷ ᠢᠶᠠᠷ ᠳᠦᠭᠦᠷᠡᠩ ᠪᠣᠯᠬᠤ ᠶᠢᠨ ᠲᠤᠯᠠᠳᠠ ᠴᠢᠮ᠎ᠠ ᠲᠠᠢ ᠠᠭᠤᠯᠵᠠᠬᠤ ᠶᠢ ᠮᠠᠰᠢ ᠬᠦᠰᠡᠳᠡᠭ᠃ 5 ᠢᠩᠭᠢᠬᠦ ᠳᠡᠭᠡᠨ ᠪᠢ ᠴᠢᠨᠦ ᠬᠠᠭᠤᠷᠮᠠᠭ ᠪᠤᠰᠤ ᠢᠲᠡᠭᠡᠯ ᠢ ᠰᠠᠨᠠᠳᠠᠭ᠃ ᠲᠡᠷᠡ ᠢᠲᠡᠭᠡᠯ ᠤᠷᠢᠳᠠ ᠨᠢ ᠴᠢᠨᠦ ᠨᠠᠭᠠᠴᠤ ᠡᠮᠡᠭᠡ ᠯᠣᠶ᠋ᠢᠰ ᠪᠠ ᠡᠵᠢ ᠶᠦᠨᠢᠺᠧ ᠳᠤ ᠴᠢᠨᠢ ᠪᠠᠢᠭᠰᠠᠨ ᠪᠥᠭᠡᠳ ᠴᠢᠮ᠎ᠠ ᠳᠤ ᠴᠤ ᠪᠠᠢᠳᠠᠭ ᠲᠤ ᠪᠢ ᠢᠲᠡᠭᠡᠵᠦ ᠪᠠᠢᠨ᠎ᠠ᠃ 6 ᠡᠨᠡ ᠰᠢᠯᠲᠠᠭᠠᠨ ᠢᠶᠠᠷ ᠪᠢ ᠴᠢᠮ᠎ᠠ ᠳᠤ ᠰᠠᠨᠠᠭᠤᠯᠤᠶ᠎ᠠ᠃ ᠴᠢᠮ᠎ᠠ ᠳᠡᠭᠡᠷ᠎ᠡ ᠭᠠᠷ ᠲᠠᠯᠪᠢᠬᠤ 1 ᠳᠤ ᠮᠢᠨᠢ ᠠᠪᠤᠭᠰᠠᠨ ᠪᠤᠷᠬᠠᠨ ᠤ ᠰᠣᠶᠣᠷᠬᠠᠯ ᠢᠶᠠᠨ ᠠᠰᠠᠭ᠎ᠠ᠃ 7 ᠪᠤᠷᠬᠠᠨ ᠪᠢᠳᠡᠨ ᠳᠦ ᠠᠶᠤᠮᠠᠲᠠᠭᠠᠢ ᠰᠦᠨᠡᠰᠦ ᠶᠢ ᠪᠢᠰᠢ᠂ ᠬᠠᠷᠢᠨ ᠬᠦᠴᠦ᠂ ᠬᠠᠢᠷ᠎ᠠ ᠪᠠ ᠤᠬᠠᠭᠠᠨ ᠤ ᠰᠦᠨᠡᠰᠦ ᠶᠢ ᠥᠭᠭᠥᠭᠰᠡᠨ ᠪᠢᠯᠡ᠃
8 ᠲᠡᠢᠮᠦ ᠡᠴᠡ ᠴᠢ ᠪᠢᠳᠡᠨ ᠦ ᠡᠵᠡᠨ ᠢ ᠭᠡᠷᠡᠴᠢᠯᠡᠬᠦ ᠡᠴᠡ᠂ ᠲᠡᠭᠦᠨ ᠦ ᠲᠥᠯᠥᠭᠡ ᠬᠣᠷᠢᠭᠳᠠᠯ ᠪᠣᠯᠣᠭᠰᠠᠨ ᠨᠠᠳᠠ ᠠᠴᠠ ᠪᠦᠦ ᠢᠴᠢ᠂ ᠬᠠᠷᠢᠨ ᠪᠠᠶᠠᠷ ᠤᠨ ᠮᠡᠳᠡᠭᠡᠨ ᠦ ᠲᠥᠯᠥᠭᠡ ᠪᠤᠷᠬᠠᠨ ᠤ ᠬᠦᠴᠦᠨ ᠳᠦ ᠲᠦᠰᠢᠨ᠂ ᠵᠣᠪᠠᠯᠠᠩ ᠢ ᠬᠠᠮᠲᠤ ᠡᠳ᠋ᠯᠡᠭᠲᠦᠨ᠃ 9 ᠪᠤᠷᠬᠠᠨ ᠪᠢᠳᠡᠨ ᠢ ᠦᠢᠯᠡᠰ ᠦᠨ ᠮᠢᠨᠢ ᠳᠠᠭᠠᠤ ᠪᠤᠰᠤ᠂ ᠬᠠᠷᠢᠨ ᠥᠪᠡᠷ ᠦᠨ ᠢᠶᠠᠨ ᠵᠣᠷᠢᠯᠭ᠎ᠠ ᠪᠠ ᠢᠪᠡᠭᠡᠯ ᠦᠨ ᠳᠠᠭᠠᠤ ᠠᠪᠤᠷᠠᠵᠤ᠂ ᠠᠷᠢᠭᠤᠨ ᠠᠮᠢᠳᠤᠷᠠᠯ ᠳᠤ ᠳᠠᠭᠤᠳᠠᠭᠰᠠᠨ ᠪᠢᠯᠡ᠃ ᠲᠡᠷᠡ ᠢᠪᠡᠭᠡᠯ ᠨᠢ ᠴᠠᠭ ᠦᠶ᠎ᠡ ᠡᠬᠢᠯᠡᠬᠦ ᠡᠴᠡ ᠡᠮᠦᠨ᠎ᠡ ᠾᠷᠢᠰᠲ᠋ᠣᠰ ᠢᠰᠦ᠋ᠰ ᠤᠨ ᠳᠣᠲᠣᠷ᠎ᠠ ᠪᠢᠳᠡᠨ ᠳᠦ ᠰᠣᠶᠣᠷᠬᠠᠭᠳᠠᠭᠰᠠᠨ ᠪᠥᠭᠡᠳ 10 ᠪᠢᠳᠡᠨ ᠦ ᠠᠪᠤᠷᠠᠭᠴᠢ ᠾᠷᠢᠰᠲ᠋ᠣᠰ ᠢᠰᠦ᠋ᠰ ᠤᠨ ᠢᠯᠡᠷᠡᠭᠰᠡᠨ ᠢᠶᠡᠷ ᠡᠳᠦᠭᠡ ᠢᠯᠡᠷᠡᠭᠰᠡᠨ ᠶᠤᠮ᠃ ᠲᠡᠷᠡ ᠪᠡᠷ ᠦᠬᠦᠯ ᠢ ᠤᠰᠠᠳᠬᠠᠵᠤ᠂ ᠠᠮᠢ ᠪᠠ ᠢᠯᠵᠢᠷᠡᠰᠢ ᠦᠭᠡᠢ ᠠᠮᠢ ᠶᠢ ᠪᠠᠶᠠᠷ ᠤᠨ ᠮᠡᠳᠡᠭᠡ ᠪᠡᠷ ᠢᠯᠡᠷᠡᠭᠦᠯᠦᠭᠰᠡᠨ ᠶᠤᠮ᠃ 11 ᠡᠨᠡ ᠪᠠᠶᠠᠷ ᠤᠨ ᠮᠡᠳᠡᠭᠡᠨ ᠦ ᠲᠥᠯᠥᠭᠡ ᠪᠢ ᠲᠤᠩ᠋ᠬᠠᠭᠯᠠᠭᠴᠢ᠂ ᠰᠢᠳᠠᠷ ᠱᠠᠪᠢ ᠪᠠ ᠪᠠᠭᠰᠢ ᠪᠠᠷ ᠲᠣᠮᠢᠯᠠᠭᠳᠠᠪᠠ᠃ 12 ᠡᠨᠡ ᠰᠢᠯᠲᠠᠭᠠᠨ ᠢᠶᠠᠷ ᠪᠢ ᠡᠳᠡᠭᠡᠷ ᠵᠣᠪᠠᠯᠠᠩ ᠢ ᠬᠦᠷᠲᠡᠯ᠎ᠡ ᠠᠮᠰᠠᠵᠤ ᠪᠠᠢᠨ᠎ᠠ᠂ ᠬᠠᠷᠢᠨ ᠪᠢ ᠢᠴᠢᠳᠡᠭ ᠦᠭᠡᠢ᠃ ᠤᠴᠢᠷ ᠨᠢ᠂ ᠪᠢ ᠥᠪᠡᠷ ᠦᠨ ᠢᠲᠡᠭᠡᠳᠡᠭ ᠨᠢᠭᠡᠨ ᠢᠶᠡᠨ ᠲᠠᠨᠢᠳᠠᠭ ᠶᠤᠮ᠃ ᠮᠢᠨᠦ ᠳᠠᠭᠠᠭᠠᠯᠭᠠᠭᠰᠠᠨ ᠢ ᠲᠡᠷᠡ ᠬᠦ ᠡᠳᠦᠷ 2 ᠪᠣᠯᠲᠠᠯ᠎ᠠ ᠬᠠᠮᠠᠭᠠᠯᠠᠬᠤ ᠴᠢᠳᠠᠯ ᠲᠠᠢ ᠶᠢ ᠨᠢ ᠪᠢ ᠪᠠᠲᠤ ᠢᠲᠡᠭᠡᠳᠡᠭ᠃ 13 ᠴᠢ ᠨᠠᠳᠠ ᠠᠴᠠ ᠰᠣᠨᠣᠰᠣᠭᠰᠠᠨ ᠡᠷᠡᠭᠦᠯ ᠦᠭᠡᠰ ᠢ ᠪᠠᠷᠢᠮᠵᠢᠶ᠎ᠠ ᠪᠣᠯᠭᠠᠨ ᠰᠠᠬᠢᠵᠤ᠂ ᠡᠭᠦᠨ ᠢ ᠾᠷᠢᠰᠲ᠋ᠣᠰ ᠢᠰᠦ᠋ᠰ ᠤᠨ ᠳᠣᠲᠣᠷᠠᠬᠢ ᠢᠲᠡᠭᠡᠯ ᠪᠠ ᠬᠠᠢᠷ᠎ᠠ ᠪᠠᠷ ᠪᠠᠷᠢᠮᠲᠠᠯᠠ᠃ 14 ᠪᠢᠳᠡᠨ ᠦ ᠳᠣᠲᠣᠷ᠎ᠠ ᠣᠷᠣᠰᠢᠳᠠᠭ ᠠᠷᠢᠭᠤᠨ ᠰᠦᠨᠡᠰᠦᠨ ᠦ ᠬᠦᠴᠦ ᠪᠡᠷ᠂ ᠴᠢᠮ᠎ᠠ ᠳᠤ ᠳᠠᠭᠠᠭᠠᠯᠭᠠᠭᠰᠠᠨ ᠰᠠᠢᠨ ᠰᠠᠢᠬᠠᠨ ᠵᠦᠢᠯ ᠢᠶᠠᠨ ᠬᠠᠮᠠᠭᠠᠯᠠ᠃
15 ᠠᠽᠢᠶ᠎ᠠ ᠶᠢᠨ ᠬᠢᠨ ᠪᠦᠭᠦᠳᠡᠭᠡᠷ ᠢᠶᠡᠨ ᠨᠠᠮᠠᠶᠢ ᠣᠷᠬᠢᠭᠰᠠᠨ ᠢ ᠴᠢ ᠮᠡᠳᠡᠨ᠎ᠡ᠃ ᠲᠡᠳᠡᠨ ᠦ ᠳᠤᠮᠳᠠ ᠹᠦᠭᠧᠯ ᠪᠠ ᠾᠧᠷᠮᠣᠭᠧᠨᠧ ᠪᠤᠢ᠃ 16 ᠣᠨᠧᠰᠢᠹᠤᠷ ᠤᠨ ᠭᠡᠷ ᠢ ᠡᠵᠡᠨ ᠡᠨᠡᠷᠢᠬᠦ ᠪᠣᠯᠲᠤᠭᠠᠢ᠃ ᠲᠡᠷᠡ ᠨᠠᠮᠠᠶᠢ ᠣᠯᠠᠨ ᠤᠳᠠᠭ᠎ᠠ ᠲᠡᠩᠬᠡᠷᠡᠭᠦᠯᠦᠭᠰᠡᠨ ᠪᠥᠭᠡᠳ ᠮᠢᠨᠦ ᠭᠢᠨᠵᠢᠯᠡᠭᠳᠡᠭᠰᠡᠨ ᠢ ᠢᠴᠢᠭᠦᠷᠢ ᠪᠣᠯᠭᠠᠯ ᠦᠭᠡᠢ ᠪᠠᠷ᠂ 17 ᠷᠣᠮᠠ ᠳᠤ ᠪᠠᠢᠬᠤ ᠳᠠᠭᠠᠨ ᠨᠠᠮᠠᠶᠢ ᠡᠷᠢᠭᠰᠡᠭᠡᠷ ᠪᠠᠢᠭᠠᠳ ᠣᠯᠵᠤ ᠪᠠᠢᠭᠰᠠᠨ ᠤᠳᠠᠭ᠎ᠠ ᠲᠠᠢ᠃ 18 ᠲᠡᠷᠡ ᠬᠦ ᠡᠳᠦᠷ ᠡᠵᠡᠨ ᠲᠡᠭᠦᠨ ᠳᠦ ᠡᠨᠡᠷᠢᠯ ᠢᠶᠠᠨ ᠬᠦᠷᠲᠡᠭᠡᠬᠦ ᠪᠣᠯᠲᠤᠭᠠᠢ᠃ ᠧᠹᠧᠰ ᠲᠤ ᠲᠡᠷᠡ ᠨᠠᠳᠠ ᠳᠤ ᠬᠡᠴᠢᠨᠡᠨ ᠶᠡᠬᠡ ᠦᠢᠯᠡᠴᠢᠯᠡᠭᠰᠡᠨ ᠢ ᠴᠢ ᠰᠠᠢᠨ ᠮᠡᠳᠡᠨ᠎ᠡ᠃