ᠬᠣᠶᠠᠳᠤᠭᠠᠷ ᠲᠢᠮᠣᠲ ᠳᠥᠷᠪᠡ
ᠦᠷᠭᠦᠯᠵᠢ ᠦᠨᠡᠨᠴᠢ ᠪᠠᠢᠭᠠᠷᠠᠢ
1 ᠪᠤᠷᠬᠠᠨ ᠤ ᠡᠮᠦᠨ᠎ᠡ᠂ ᠠᠮᠢᠳᠤᠷᠠᠭᠰᠠᠳ ᠪᠣᠯᠣᠨ ᠦᠬᠦᠭᠰᠡᠳ ᠢ ᠰᠢᠭᠦᠬᠦ ᠾᠷᠢᠰᠲ᠋ᠣᠰ ᠢᠰᠦ᠋ᠰ ᠤᠨ ᠡᠮᠦᠨ᠎ᠡ᠂ ᠲᠡᠭᠦᠨ ᠦ ᠢᠯᠡᠷᠡᠬᠦ ᠪᠠ ᠬᠠᠭᠠᠨᠴᠢᠯᠠᠬᠤ ᠶᠢᠨ ᠤᠯᠠᠮ ᠢᠶᠠᠷ ᠴᠢᠮ᠎ᠠ ᠳᠤ ᠴᠢᠩᠭ᠍᠎ᠠ ᠪᠠᠷ ᠰᠠᠨᠠᠭᠤᠯᠤᠶ᠎ᠠ᠄ 2 ᠦᠭᠡ ᠶᠢ ᠲᠤᠩ᠋ᠬᠠᠭᠯᠠ᠂ ᠰᠠᠢᠨ ᠴᠠᠭ ᠲᠤ ᠴᠤ᠂ ᠲᠡᠢᠮᠦ ᠪᠢᠰᠢ ᠴᠠᠭ ᠲᠤ ᠴᠤ ᠪᠡᠯᠡᠬᠡᠨ ᠪᠠᠢ᠂ ᠬᠠᠮᠤᠭ ᠲᠡᠪᠴᠢᠶᠡᠷᠢ ᠪᠠᠷ᠂ ᠬᠠᠮᠤᠭ ᠰᠤᠷᠭᠠᠯ ᠢᠶᠠᠷ ᠵᠠᠰᠠᠵᠤ᠂ ᠵᠢᠮᠡᠯᠡᠵᠦ᠂ ᠵᠣᠷᠢᠭᠵᠢᠭᠤᠯ᠃ 3 ᠤᠴᠢᠷ ᠨᠢ᠂ ᠬᠥᠮᠦᠰ ᠡᠷᠡᠭᠦᠯ ᠰᠤᠷᠭᠠᠯ ᠢ ᠬᠦᠯᠢᠴᠡᠵᠦ ᠶᠠᠳᠠᠬᠤ ᠴᠠᠭ ᠢᠷᠡᠨ᠎ᠡ᠂ ᠬᠥᠮᠦᠰ ᠴᠢᠬᠢ ᠨᠢ ᠵᠠᠭᠠᠲᠤᠨᠠᠭᠠᠳ ᠰᠢᠨᠤᠯ ᠲᠠᠴᠢᠶᠠᠯ ᠳᠠᠭᠠᠨ ᠨᠡᠢᠴᠡᠬᠦ ᠪᠠᠭᠰᠢ ᠨᠠᠷ ᠢ ᠥᠪᠡᠷᠰᠡᠳ ᠲᠡᠭᠡᠨ ᠴᠤᠭᠯᠠᠭᠤᠯᠵᠤ᠂ 4 ᠦᠨᠡᠨ ᠡᠴᠡ ᠴᠢᠬᠢ ᠪᠠᠨ ᠡᠷᠭᠢᠭᠦᠯᠵᠦ ᠵᠣᠬᠢᠶᠠᠮᠠᠯ ᠶᠠᠷᠢᠶᠠᠨ ᠳᠤ ᠬᠠᠨᠳᠤᠭᠤᠯᠤᠨ᠎ᠠ᠃ 5 ᠬᠠᠷᠢᠨ ᠴᠢ ᠠᠯᠢᠪᠠ ᠳᠤ ᠰᠡᠷᠭᠡᠭ ᠪᠠᠢᠵᠤ ᠵᠣᠪᠠᠯᠠᠩ ᠢ ᠲᠤᠭᠤᠯᠤᠨ᠂ ᠪᠠᠶᠠᠷ ᠤᠨ ᠮᠡᠳᠡᠭᠡᠴᠢᠨ ᠤ ᠠᠵᠢᠯ ᠢ ᠬᠢᠵᠦ ᠡᠭᠦᠷᠭᠡ ᠪᠡᠨ ᠪᠡᠶᠡᠯᠡᠭᠦᠯᠦᠭᠲᠦᠨ᠃
6 ᠪᠢ ᠨᠢᠭᠡᠨᠲᠡ ᠲᠠᠬᠢᠯ ᠮᠡᠲᠦ ᠴᠢᠳᠬᠤᠭᠳᠠᠵᠤ ᠪᠠᠢᠨ᠎ᠠ᠂ ᠣᠳᠬᠤ ᠴᠠᠭ ᠮᠢᠨᠢ ᠣᠢᠷᠠᠲᠤᠯ᠎ᠠ᠃ 7 ᠪᠢ ᠰᠠᠢᠨ ᠲᠡᠮᠡᠴᠡᠯ ᠢᠶᠡᠷ ᠲᠡᠮᠡᠴᠡᠵᠦ᠂ ᠠᠶᠠᠨ ᠢᠶᠠᠨ ᠳᠠᠭᠤᠰᠬᠠᠵᠤ ᠢᠲᠡᠭᠡᠯ ᠢᠶᠡᠨ ᠰᠠᠬᠢᠭᠰᠠᠨ᠃ 8 ᠣᠳᠣ ᠠᠴᠠ ᠵᠥᠪ ᠦᠨ ᠲᠢᠲᠢᠮ ᠨᠠᠳᠠ ᠳᠤ ᠬᠠᠳᠠᠭᠠᠯᠠᠭᠳᠠᠭᠰᠠᠨ ᠪᠠᠢᠨ᠎ᠠ᠂ ᠵᠥᠪ ᠰᠢᠭᠦᠭᠴᠢ ᠡᠵᠡᠨ ᠡᠭᠦᠨ ᠢ ᠲᠡᠷᠡ ᠬᠦ ᠡᠳᠦᠷ ᠨᠠᠳᠠ ᠳᠤ ᠣᠯᠭᠣᠨ᠎ᠠ᠂ ᠨᠠᠳᠠ ᠪᠠᠷ ᠦᠯᠦ ᠪᠠᠷᠠᠮ᠂ ᠥᠪᠡᠷ ᠢ ᠨᠢ ᠢᠯᠡᠷᠡᠬᠦ ᠶᠢ ᠬᠦᠰᠡᠮᠵᠢᠯᠡᠭᠰᠡᠨ ᠬᠥᠮᠦᠨ ᠪᠣᠯᠭᠠᠨ ᠳᠤ ᠣᠯᠭᠣᠨ᠎ᠠ᠃
ᠬᠠᠮᠲᠤᠷᠠᠨ ᠵᠢᠳᠬᠦᠭᠴᠢᠳ
9 ᠴᠢ ᠨᠠᠳᠠ ᠤᠷᠤᠭᠤ ᠠᠯᠢ ᠪᠣᠯᠬᠤ ᠪᠠᠷ ᠬᠤᠷᠳᠤᠨ ᠢᠷ᠎ᠠ᠃ 10 ᠳ᠋ᠧᠮᠠ ᠡᠨᠡ ᠶᠢᠷᠲᠢᠨᠴᠦ ᠶᠢ ᠬᠠᠢᠷᠠᠯᠠᠵᠤ ᠨᠠᠮᠠᠶᠢ ᠣᠷᠬᠢᠨ ᠲᠧᠰᠠᠯᠦ᠋ᠨᠢᠺ ᠤᠷᠤᠭᠤ ᠶᠠᠪᠤᠵᠠᠢ᠃ ᠺᠧᠷᠢᠰᠺᠧ ᠭᠠᠯᠠᠲ᠋ᠢᠶ᠎ᠠ ᠤᠷᠤᠭᠤ᠂ ᠲᠢᠲ ᠳ᠋ᠠᠯᠮᠠᠲ᠋ᠢᠶᠠ ᠤᠷᠤᠭᠤ ᠶᠠᠪᠤᠪᠠ᠃ 11 ᠭᠠᠭᠴᠠ ᠯᠦᠺ ᠨᠠᠳᠠ ᠲᠠᠢ ᠬᠠᠮᠲᠤ ᠪᠠᠢᠨ᠎ᠠ᠃ ᠴᠢ ᠮᠠᠷᠺ ᠢ ᠳᠠᠭᠠᠭᠤᠯᠤᠭᠠᠳ ᠢᠷᠡᠭᠡᠷᠡᠢ᠂ ᠠᠵᠢᠯ ᠳᠤ ᠮᠢᠨᠢ ᠲᠡᠷᠡ ᠲᠤᠰᠠ ᠲᠠᠢ᠃ 12 ᠲᠦᠬᠢᠺ ᠢ ᠪᠢ ᠧᠹᠧᠰ ᠤᠷᠤᠭᠤ ᠶᠠᠪᠤᠭᠤᠯᠪᠠ᠃ 13 ᠴᠢ ᠢᠷᠡᠬᠦ ᠳᠡᠭᠡᠨ ᠲᠷᠣᠶᠠ ᠳᠠᠬᠢ ᠺᠠᠷᠫ ᠤᠨ ᠭᠡᠷ ᠲᠦ ᠦᠯᠡᠳᠡᠭᠡᠭᠰᠡᠨ ᠭᠠᠳᠠᠷ ᠬᠤᠪᠴᠠᠰᠤ ᠪᠠ ᠨᠣᠮ ᠤᠳ᠂ ᠢᠯᠠᠩ᠋ᠭᠤᠶ᠎ᠠ ᠢᠯᠬᠢᠨ ᠬᠤᠢᠯᠠᠮᠠᠯ ᠤᠳ ᠢ ᠮᠢᠨᠢ ᠠᠪᠴᠢᠷᠠᠭᠠᠷᠠᠢ᠃ 14 ᠵᠡᠰ ᠦᠨ ᠳᠠᠷᠬᠠᠨ ᠠᠯᠧᠺᠰᠠᠨᠳᠧᠷ ᠨᠠᠮᠠᠶᠢ ᠶᠡᠬᠡ ᠬᠣᠣᠷᠯᠠᠭᠰᠠᠨ᠃ ᠬᠢᠭᠰᠡᠨ ᠢᠶᠡᠷ ᠨᠢ ᠡᠵᠡᠨ ᠲᠡᠭᠦᠨ ᠳᠦ ᠬᠠᠷᠢᠭᠤᠯᠬᠤ ᠶᠤᠮ᠃ 15 ᠴᠢ ᠴᠤ ᠲᠡᠭᠦᠨ ᠡᠴᠡ ᠪᠣᠯᠭᠣᠮᠵᠢᠯᠠ᠃ ᠲᠡᠷᠡ ᠪᠢᠳᠡᠨ ᠦ ᠰᠤᠷᠭᠠᠯ ᠢ ᠰᠢᠷᠦᠭᠦᠨ ᠡᠰᠡᠷᠭᠦᠴᠡᠭᠰᠡᠨ ᠶᠤᠮ᠃
16 ᠠᠩᠬ᠎ᠠ ᠥᠪᠡᠷ ᠢ ᠪᠠᠨ ᠥᠮᠥᠭᠯᠡᠬᠦ ᠳᠦ ᠮᠢᠨᠢ ᠬᠡᠨ ᠴᠤ ᠨᠠᠳᠠ ᠤᠷᠤᠭᠤ ᠢᠷᠡᠭᠡ ᠦᠭᠡᠢ᠂ ᠪᠦᠭᠦᠳᠡᠭᠡᠷ ᠨᠠᠮᠠᠶᠢ ᠣᠷᠬᠢᠭᠰᠠᠨ᠃ ᠲᠡᠷᠡ ᠨᠢ ᠲᠡᠳᠡᠨ ᠳᠦ ᠪᠦᠦ ᠲᠣᠬᠣᠭᠳᠠᠭᠠᠰᠠᠢ᠃ 17 ᠡᠵᠡᠨ ᠨᠠᠳᠠ ᠲᠠᠢ ᠬᠠᠮᠲᠤ ᠵᠣᠭᠰᠣᠵᠤ ᠬᠦᠴᠦ ᠥᠭᠭᠥᠭᠰᠡᠨ᠂ ᠡᠨᠡ ᠮᠡᠳᠡᠭᠡ ᠨᠠᠳᠠ ᠪᠠᠷ ᠳᠠᠮᠵᠢᠨ ᠭᠦᠢᠴᠡᠳ ᠲᠤᠩ᠋ᠬᠠᠭᠯᠠᠭᠳᠠᠵᠤ᠂ ᠬᠠᠮᠤᠭ ᠦᠨᠳᠦᠰᠦᠲᠡᠨ ᠡᠭᠦᠨ ᠢ ᠰᠣᠨᠣᠰᠬᠤ ᠤᠴᠢᠷ ᠲᠠᠢ᠃ ᠪᠢ ᠠᠷᠰᠯᠠᠨ ᠤ ᠠᠮᠠᠨ ᠠᠴᠠ ᠭᠡᠲᠦᠯᠭᠡᠭᠳᠡᠭᠰᠡᠨ᠂ 18 ᠡᠵᠡᠨ ᠨᠠᠮᠠᠶᠢ ᠠᠯᠢᠪᠠ ᠮᠠᠭᠤ ᠦᠢᠯᠡ ᠡᠴᠡ ᠭᠡᠲᠦᠯᠭᠡᠵᠦ᠂ ᠲᠩᠷᠢᠯᠢᠭ ᠬᠠᠭᠠᠨᠴᠢᠯᠠᠯ ᠤᠷᠤᠭᠤ ᠪᠠᠨ ᠬᠠᠮᠠᠭᠠᠯᠠᠨ ᠣᠷᠣᠭᠤᠯᠤᠨ᠎ᠠ᠃ ᠠᠯᠳᠠᠷ ᠰᠤᠤ ᠨᠢ ᠮᠥᠩᠬᠡ ᠶᠢᠨ ᠮᠥᠩᠬᠡ ᠳᠦ ᠲᠡᠭᠦᠨ ᠳᠦ ᠪᠠᠢᠬᠤ ᠪᠣᠯᠲᠤᠭᠠᠢ᠃ ᠠᠮᠧᠨ᠃
19 ᠫᠷᠢᠰᠺᠢᠯᠠ᠂ ᠠᠺᠦ᠋ᠯᠠ ᠳᠤ ᠪᠠ ᠣᠨᠧᠰᠢᠹᠤᠷ ᠤᠨ ᠭᠡᠷ ᠦᠨ ᠬᠢᠨ ᠳᠤ ᠮᠡᠨᠳᠦ ᠬᠦᠷᠭᠡᠭᠡᠷᠡᠢ᠃ 20 ᠧᠷᠠᠰᠲ ᠺᠣᠷᠢᠨᠲ ᠲᠤ ᠦᠯᠡᠳᠡᠭᠰᠡᠨ᠃ ᠲᠷᠣᠹᠢᠮ ᠡᠪᠡᠳᠴᠢᠯᠡᠭᠰᠡᠨ ᠪᠣᠯᠬᠣᠷ ᠪᠢ ᠲᠡᠭᠦᠨ ᠢ ᠮᠢᠯᠧᠲ ᠲᠤ ᠦᠯᠡᠳᠡᠭᠡᠭᠰᠡᠨ᠃ 21 ᠴᠢ ᠡᠪᠦᠯ 3 ᠡᠴᠡ ᠡᠮᠦᠨ᠎ᠡ ᠬᠤᠷᠳᠤᠬᠠᠨ ᠢᠷᠡᠭᠡᠷᠡᠢ᠃ ᠶᠦᠪᠣᠯ᠂ ᠫᠦᠳᠧ᠂ ᠯᠢᠨ᠂ ᠺᠯᠠᠦ᠋ᠳᠢᠶᠠ ᠪᠠ ᠪᠦᠬᠦ ᠠᠬ᠎ᠠ ᠳᠡᠭᠦᠦ ᠨᠠᠷ ᠴᠢᠮ᠎ᠠ ᠳᠤ ᠮᠡᠨᠳᠦ ᠬᠦᠷᠭᠡᠵᠦ ᠪᠠᠢᠨ᠎ᠠ᠃
22 ᠡᠵᠡᠨ ᠴᠢᠨᠦ ᠰᠦᠨᠡᠰᠦ ᠲᠠᠢ ᠬᠠᠮᠲᠤ ᠪᠠᠢᠬᠤ ᠪᠣᠯᠲᠤᠭᠠᠢ᠃ ᠢᠪᠡᠭᠡᠯ ᠲᠠ ᠨᠠᠷ ᠲᠠᠢ ᠬᠠᠮᠲᠤ ᠪᠠᠢᠬᠤ ᠪᠣᠯᠲᠤᠭᠠᠢ᠃