1 2 3 4


ᠬᠣᠶᠠᠳᠤᠭᠠᠷ ᠲᠢᠮᠣᠲ ᠬᠣᠶᠠᠷ
 ᠰᠠᠢᠰᠢᠶᠠᠯᠲᠠᠢ ᠠᠵᠢᠯᠴᠢᠨ ᠤ ᠵᠠᠩ ᠴᠢᠨᠠᠷ ᠤᠳ

1 ᠬᠦᠦ ᠮᠢᠨᠢ ᠴᠢ ᠾᠷᠢᠰᠲ᠋ᠣᠰ ᠢᠰᠦ᠋ᠰ ᠤᠨ ᠳᠣᠲᠣᠷᠠᠬᠢ ᠢᠪᠡᠭᠡᠯ ᠢᠶᠡᠷ ᠬᠦᠴᠦᠷᠬᠡᠭ ᠪᠠᠢᠵᠤ᠂ 2 ᠪᠠᠰᠠ ᠪᠤᠰᠤᠳ ᠲᠤ ᠰᠤᠷᠭᠠᠵᠤ ᠴᠢᠳᠠᠬᠤ ᠢᠲᠡᠭᠡᠮᠵᠢᠲᠦ ᠬᠥᠮᠦᠰ ᠲᠦ ᠨᠠᠳᠠ ᠠᠴᠠ ᠰᠣᠨᠣᠰᠣᠭᠰᠠᠨ ᠵᠦᠢᠯᠡᠰ ᠢᠶᠡᠨ ᠣᠯᠠᠨ ᠭᠡᠷᠡᠴᠢ ᠶᠢᠨ ᠡᠮᠦᠨ᠎ᠡ ᠳᠠᠭᠠᠭᠠᠯᠭᠠᠭᠲᠤᠨ᠃ 3 ᠴᠢ ᠾᠷᠢᠰᠲ᠋ᠣᠰ ᠢᠰᠦ᠋ᠰ ᠤᠨ ᠰᠠᠢᠨ ᠴᠡᠷᠢᠭ ᠪᠣᠯᠵᠤ᠂ ᠵᠣᠪᠠᠯᠠᠩ ᠢ ᠬᠠᠮᠲᠤ ᠡᠳ᠋ᠯᠡᠭᠲᠦᠨ᠃ 4 ᠴᠡᠷᠢᠭ ᠲᠤ ᠲᠠᠲᠠᠭᠳᠠᠭᠴᠢ ᠨᠢ ᠠᠮᠢᠳᠤᠷᠠᠯ ᠤᠨ ᠢᠶᠠᠨ ᠬᠡᠷᠡᠭ ᠲᠦ ᠤᠷᠢᠶᠠᠭᠳᠠᠳᠠᠭ ᠦᠭᠡᠢ᠂ ᠬᠠᠷᠢᠨ ᠥᠪᠡᠷ ᠢ ᠨᠢ ᠴᠡᠷᠢᠭ ᠲᠤ ᠲᠠᠲᠠᠭᠴᠢ ᠶᠢ ᠪᠠᠶᠠᠷᠯᠠᠭᠤᠯᠬᠤ ᠶᠢ ᠬᠦᠰᠡᠳᠡᠭ᠃ 5 ᠲᠡᠮᠡᠴᠡᠭᠡᠨ ᠳᠦ ᠣᠷᠣᠯᠴᠠᠭᠴᠢ ᠪᠣᠯᠭᠠᠨ ᠳᠦᠷᠢᠮ ᠤᠨ ᠶᠣᠰᠣᠭᠠᠷ ᠲᠡᠮᠡᠴᠡᠬᠦ ᠡᠴᠡ ᠨᠠᠰᠢ ᠲᠢᠲᠢᠮ ᠣᠯᠬᠤ ᠦᠭᠡᠢ᠂ 6 ᠵᠦᠳᠡᠷᠡᠭᠰᠡᠨ ᠲᠠᠷᠢᠶᠠᠴᠢᠨ ᠬᠤᠷᠢᠶᠠᠯᠲᠠ ᠠᠴᠠ ᠬᠤᠪᠢ ᠪᠠᠨ ᠤᠷᠢᠳᠠᠪᠠᠷ ᠠᠪᠬᠤ ᠤᠴᠢᠷ ᠲᠠᠢ᠃ 7 ᠬᠡᠯᠡᠵᠦ ᠪᠠᠢᠭ᠎ᠠ ᠶᠢ ᠮᠢᠨᠢ ᠪᠣᠳᠣᠭᠲᠤᠨ᠂ ᠡᠨᠡ ᠪᠦᠭᠦᠳᠡ ᠶᠢᠨ ᠲᠠᠯ᠎ᠠ ᠪᠠᠷ ᠬᠢ ᠣᠢᠯᠠᠭᠠᠯᠲᠠ ᠶᠢ ᠡᠵᠡᠨ ᠴᠢᠮ᠎ᠠ ᠳᠤ ᠰᠣᠶᠣᠷᠬᠠᠨ᠎ᠠ᠃

8 ᠢᠰᠦ᠋ᠰ ᠾᠷᠢᠰᠲ᠋ᠣᠰ ᠢ ᠰᠠᠨᠠᠭᠲᠤᠨ᠂ ᠲᠡᠷᠡ ᠳ᠋ᠠᠸᠢᠳ᠋ ᠤᠨ ᠦᠷ᠎ᠡ ᠪᠣᠯᠵᠤ᠂ ᠦᠬᠦᠭᠰᠡᠳ ᠦᠨ ᠳᠤᠮᠳᠠ ᠠᠴᠠ ᠠᠮᠢᠯᠠᠭᠰᠠᠨ᠃ ᠡᠨᠡ ᠪᠣᠯ ᠮᠢᠨᠦ ᠪᠠᠶᠠᠷ ᠤᠨ ᠮᠡᠳᠡᠭᠡ᠂ 9 ᠡᠭᠦᠨ ᠦ ᠲᠥᠯᠥᠭᠡ ᠪᠢ ᠶᠠᠯᠠᠲᠠᠨ ᠮᠡᠲᠦ ᠬᠦᠯᠢᠭᠳᠡᠬᠦ ᠬᠦᠷᠲᠡᠯ᠎ᠡ ᠪᠡᠨ ᠵᠣᠪᠠᠵᠤ ᠪᠠᠢᠨ᠎ᠠ᠂ ᠭᠡᠪᠡᠴᠦ ᠪᠤᠷᠬᠠᠨ ᠤ ᠦᠭᠡ ᠪᠣᠯ ᠬᠦᠯᠢᠭᠳᠡᠳᠡᠭ ᠦᠭᠡᠢ᠃ 10 ᠡᠢᠮᠦ ᠡᠴᠡ ᠪᠢ ᠰᠣᠩ᠋ᠭᠣᠭᠳᠠᠭᠰᠠᠳ ᠤᠨ ᠲᠥᠯᠥᠭᠡ᠂ ᠮᠥᠨ ᠲᠡᠳᠡ ᠾᠷᠢᠰᠲ᠋ᠣᠰ ᠢᠰᠦ᠋ᠰ ᠤᠨ ᠳᠣᠲᠣᠷᠠᠬᠢ ᠠᠪᠤᠷᠠᠯ ᠢ ᠮᠥᠩᠬᠡ ᠶᠢᠨ ᠠᠯᠳᠠᠷ ᠤᠨ ᠬᠠᠮᠲᠤ ᠣᠯᠣᠭᠠᠰᠠᠢ ᠭᠡᠰᠡᠨ ᠳᠡᠭᠡᠨ ᠠᠯᠢᠪᠠ ᠶᠢ ᠲᠡᠰᠪᠦᠷᠢᠯᠡᠵᠦ ᠪᠠᠢᠳᠠᠭ᠃ 11 ᠡᠨᠡ ᠪᠣᠯ ᠢᠲᠡᠭᠡᠮᠵᠢᠲᠦ ᠦᠭᠡ᠄ 《ᠬᠠᠮᠲᠤ ᠦᠬᠦᠪᠡᠯ᠂ ᠬᠠᠮᠲᠤ ᠠᠮᠢᠳᠤᠷᠠᠨ᠎ᠠ᠂ 12 ᠲᠡᠰᠪᠦᠷᠢᠯᠡᠪᠡᠯ ᠬᠠᠮᠲᠤ ᠬᠠᠭᠠᠨᠴᠢᠯᠠᠨ᠎ᠠ᠂ ᠦᠭᠡᠶᠢᠰᠬᠡᠪᠡᠯ ᠲᠡᠷᠡ ᠴᠤ ᠪᠢᠳᠡᠨ ᠢ ᠦᠭᠡᠶᠢᠰᠬᠡᠨ᠎ᠡ᠂ 13 ᠪᠢᠳᠡ ᠢᠲᠡᠭᠡᠮᠵᠢ ᠦᠭᠡᠢ ᠪᠠᠢᠪᠠᠴᠤ ᠲᠡᠷᠡ ᠢᠲᠡᠭᠡᠮᠵᠢᠲᠠᠢ᠂ ᠲᠡᠷᠡ ᠥᠪᠡᠷ ᠢ ᠪᠠᠨ ᠦᠭᠡᠶᠢᠰᠬᠡᠵᠦ ᠴᠢᠳᠠᠬᠤ ᠦᠭᠡᠢ᠃》

14 ᠴᠢ ᠡᠳᠡᠭᠡᠷ ᠢ ᠰᠠᠨᠠᠭᠤᠯᠵᠤ ᠪᠠᠢᠭᠠᠷᠠᠢ᠂ ᠮᠥᠨ 《ᠬᠡᠯᠡᠨ ᠦ ᠪᠠᠢᠯᠳᠤᠭᠠᠨ ᠪᠦᠦ ᠬᠢ》 ᠭᠡᠵᠦ ᠪᠤᠷᠬᠠᠨ ᠤ ᠡᠮᠦᠨ᠎ᠡ ᠴᠢᠩᠳᠠ ᠵᠠᠬᠢ᠃ ᠲᠡᠳᠡᠭᠡᠷ ᠨᠢ ᠰᠣᠨᠣᠰᠣᠭᠴᠢᠳ ᠢ ᠦᠭᠡᠶᠢᠬᠢᠬᠦ ᠡᠴᠡ ᠥᠭᠡᠷ᠎ᠡ ᠶᠠᠭᠤᠨ ᠳᠤ ᠴᠤ ᠬᠡᠷᠡᠭ ᠦᠭᠡᠢ᠃ 15 ᠴᠢ ᠦᠨᠡᠨ ᠦᠭᠡ ᠶᠢ ᠵᠥᠪ ᠬᠡᠷᠡᠭᠯᠡᠵᠦ᠂ ᠢᠴᠢᠬᠦ ᠶᠠᠭᠤᠮ᠎ᠠ ᠦᠭᠡᠢ ᠠᠵᠢᠯᠲᠠᠨ᠂ ᠰᠠᠢᠰᠢᠶᠠᠯ ᠠᠪᠳᠠᠭ ᠬᠥᠮᠦᠨ ᠪᠣᠯᠬᠤ ᠶᠢᠨ ᠲᠤᠯᠠᠳᠠ ᠥᠪᠡᠷ ᠢ ᠪᠠᠨ ᠪᠤᠷᠬᠠᠨ ᠳᠤ ᠡᠷᠭᠦᠬᠦ ᠶᠢ ᠬᠢᠴᠢᠶᠡᠭᠲᠦᠨ᠃ 16 ᠠᠷᠢᠭᠤᠨ ᠪᠤᠰᠤ ᠬᠣᠭᠣᠰᠣᠨ ᠶᠠᠷᠢᠶᠠᠨ ᠠᠴᠠ ᠵᠠᠢᠯᠠ᠂ ᠲᠡᠳᠡᠭᠡᠷ ᠨᠢ ᠬᠥᠮᠦᠰ ᠢ ᠤᠯᠠᠮ ᠴᠤ ᠰᠦᠰᠦᠭ ᠦᠭᠡᠢ ᠪᠠᠢᠳᠠᠯ ᠤᠷᠤᠭᠤ ᠬᠥᠲᠥᠯᠥᠨ᠎ᠡ᠃ 17 ᠲᠡᠳᠡᠨ ᠦ ᠦᠭᠡ ᠬᠣᠣᠷᠲᠤ ᠬᠠᠪᠤᠳᠠᠷ ᠮᠡᠲᠦ ᠬᠥᠮᠦᠰ ᠢ ᠵᠠᠯᠭᠢᠨ᠎ᠠ᠂ ᠲᠡᠳᠡᠨ ᠦ ᠳᠤᠮᠳᠠ ᠾᠤᠮᠧᠨᠠᠢ ᠪᠠ ᠹᠢᠯᠧᠲ ᠪᠤᠢ᠃ 18 ᠲᠡᠳᠡ ᠦᠨᠡᠨ ᠡᠴᠡ ᠭᠠᠵᠢᠭᠰᠠᠨ ᠪᠥᠭᠡᠳ 《ᠠᠮᠢᠯᠠᠯᠲᠠ ᠨᠢᠭᠡᠨᠲᠡ ᠭᠦᠢᠴᠡᠯ᠎ᠡ》 ᠬᠡᠮᠡᠨ ᠵᠠᠷᠢᠮ ᠤᠨ ᠬᠢᠨᠢ ᠢᠲᠡᠭᠡᠯ ᠢ ᠰᠦᠢᠷᠡᠭᠦᠯᠵᠦ ᠪᠠᠢᠳᠠᠭ᠃ 19 ᠭᠡᠪᠡᠴᠦ ᠪᠤᠷᠬᠠᠨ ᠤ ᠰᠠᠭᠤᠷᠢ ᠪᠣᠯ 《ᠬᠡᠨ ᠨᠢ ᠥᠪᠡᠷ ᠦᠨ ᠬᠢ ᠭᠡᠳᠡᠭ ᠢ ᠡᠵᠡᠨ ᠮᠡᠳᠡᠳᠡᠭ》᠂ ᠪᠠᠰᠠ 《ᠡᠵᠡᠨ ᠦ ᠨᠡᠷ᠎ᠡ ᠶᠢ ᠳᠠᠭᠤᠳᠠᠭᠴᠢ ᠪᠣᠯᠭᠠᠨ ᠵᠥᠪ ᠪᠤᠰᠤ ᠠᠴᠠ ᠵᠠᠢᠯᠠ》 ᠭᠡᠰᠡᠨ ᠪᠢᠴᠢᠭᠡᠰᠦ ᠲᠠᠢ ᠪᠠᠷ ᠪᠠᠲᠤ ᠬᠡᠪ ᠢᠶᠡᠷ ᠢᠶᠠᠨ ᠪᠠᠢᠳᠠᠭ᠃

20 ᠶᠡᠬᠡ ᠠᠢᠯ ᠳᠤ ᠠᠯᠲᠠ ᠮᠥᠩᠭᠥᠨ ᠰᠠᠪᠠ ᠨᠤᠭᠤᠳ ᠯᠠ ᠪᠢᠰᠢ᠂ ᠮᠣᠳᠣ ᠰᠢᠪᠠᠷ ᠤᠨ ᠰᠠᠪᠠ ᠨᠤᠭᠤᠳ ᠴᠤ ᠪᠠᠢᠳᠠᠭ ᠪᠥᠭᠡᠳ ᠵᠠᠷᠢᠮ ᠢ ᠨᠢ ᠡᠷᠬᠢᠮ ᠳᠤ᠂ ᠵᠠᠷᠢᠮ ᠢ ᠨᠢ ᠡᠭᠡᠯ ᠳᠦ ᠠᠰᠢᠭᠯᠠᠨ᠎ᠠ᠃ 21 ᠬᠡᠨ ᠪᠠᠢᠭᠰᠠᠨ ᠴᠤ ᠥᠪᠡᠷ ᠢ ᠪᠠᠨ ᠲᠡᠳᠡᠭᠡᠷ ᠶᠠᠪᠤᠳᠠᠯ ᠤᠳ ᠠᠴᠠ ᠴᠡᠪᠡᠷ ᠪᠠᠢᠯᠭᠠᠪᠠᠯ᠂ ᠡᠷᠬᠢᠮ ᠢᠶᠠᠷ ᠠᠰᠢᠭᠯᠠᠭᠳᠠᠳᠠᠭ ᠰᠠᠪᠠ᠂ ᠠᠷᠢᠭᠤᠰᠬᠠᠭᠳᠠᠭᠰᠠᠨ᠂ ᠡᠵᠡᠨ ᠳᠦ ᠬᠡᠷᠡᠭ ᠲᠡᠢ ᠠᠯᠢᠪᠠ ᠰᠠᠢᠨ ᠦᠢᠯᠡᠰ ᠦᠨ ᠲᠥᠯᠥᠭᠡ ᠪᠡᠯᠡᠬᠡᠨ ᠪᠠᠢᠬᠤ ᠰᠠᠪᠠ ᠪᠣᠯᠣᠨ᠎ᠠ᠃ 22 ᠴᠢ ᠵᠠᠯᠠᠭᠤ ᠨᠠᠰᠤᠨ ᠤ ᠲᠠᠴᠢᠶᠠᠯ ᠠᠴᠠ ᠵᠠᠢᠯᠠ᠂ ᠴᠠᠭᠠᠬᠠᠨ ᠰᠡᠳᠬᠢᠯ ᠢᠶᠠᠷ ᠡᠵᠡᠨ ᠢ ᠳᠠᠭᠤᠳᠠᠭᠴᠢᠳ ᠲᠠᠢ ᠬᠠᠮᠲᠤ ᠪᠠᠷ ᠵᠥᠪ᠂ ᠢᠲᠡᠭᠡᠯ᠂ ᠬᠠᠢᠷ᠎ᠠ ᠪᠠ ᠠᠮᠤᠭᠤᠯᠠᠩ ᠢ ᠬᠥᠭᠡᠭᠡᠴᠡᠯᠳᠦᠭᠲᠦᠨ᠃ 23 ᠮᠤᠩ᠋ᠬᠠᠭ ᠪᠦᠳᠦᠭᠦᠯᠢᠭ ᠮᠠᠷᠭᠤᠯᠳᠤᠭᠠᠨ ᠳᠤ ᠪᠦᠦ ᠣᠷᠣᠯᠴᠠ᠃ ᠡᠭᠦᠨ ᠡᠴᠡ ᠬᠡᠷᠡᠭᠦᠯ ᠭᠠᠷᠳᠠᠭ ᠢ ᠴᠢ ᠮᠡᠳᠡᠨ᠎ᠡ᠃ 24 ᠡᠵᠡᠨ ᠦ ᠵᠠᠷᠤᠴᠠ ᠬᠡᠷᠡᠭᠦᠯ ᠬᠢᠵᠦ ᠪᠣᠯᠬᠤ ᠦᠭᠡᠢ᠂ ᠬᠠᠷᠢᠨ ᠬᠥᠮᠦᠨ ᠪᠦᠬᠦᠨ ᠳᠦ ᠡᠶᠡᠯᠳᠡᠭ᠂ ᠵᠢᠭᠠᠬᠤ ᠳᠠᠭᠠᠨ ᠰᠠᠢᠨ᠂ ᠲᠡᠰᠪᠦᠷᠢᠲᠡᠢ ᠪᠠᠢᠵᠤ᠂ 25 ᠡᠰᠡᠷᠭᠦᠴᠡᠭᠴᠢᠳ ᠢ ᠵᠥᠭᠡᠯᠡᠨ ᠢᠶᠡᠷ ᠵᠠᠰᠠᠬᠤ ᠶᠣᠰᠣᠲᠠᠢ᠃ ᠢᠩᠭᠢᠪᠡᠯ ᠲᠡᠳᠡᠨ ᠦ ᠭᠡᠮᠰᠢᠵᠦ᠂ ᠦᠨᠡᠨ ᠢ ᠤᠬᠠᠭᠠᠷᠠᠬᠤ ᠶᠢ ᠨᠢ ᠪᠤᠷᠬᠠᠨ ᠵᠥᠪᠰᠢᠶᠡᠷᠡᠵᠦ ᠮᠠᠭᠠᠳ ᠦᠭᠡᠢ᠃ 26 ᠪᠠᠰᠠ ᠰᠠᠲ᠋ᠠᠨ ᠳᠤ ᠪᠠᠷᠢᠭᠳᠠᠵᠤ᠂ ᠲᠡᠭᠦᠨ ᠦ ᠰᠠᠨᠠᠭ᠎ᠠ ᠪᠠᠷ ᠶᠠᠪᠤᠵᠤ ᠪᠠᠢᠭᠰᠠᠨ ᠬᠥᠮᠦᠰ ᠰᠡᠩᠬᠡᠷᠡᠵᠦ ᠤᠷᠠᠬᠠᠨ ᠠᠴᠠ ᠨᠢ ᠮᠤᠯᠲᠤᠷᠠᠵᠤ ᠮᠡᠳᠡᠨ᠎ᠡ᠃